摘要 |
ᠮᠣᠩᠭᠣᠯ ᠠᠷᠠᠳ ᠤᠨ ᠤᠯᠠᠮᠵᠢᠯᠠᠯᠲᠤ ᠬᠤᠪᠴᠠᠰᠤ ᠵᠠᠰᠠᠯ ᠳᠤ ᠮᠠᠯᠠᠭᠠᠢ ᠪᠦᠷᠬᠦ ᠨᠢ ᠪᠤᠰᠤᠳ ᠬᠤᠪᠴᠠᠰᠤᠨ ᠠᠴᠠ ᠢᠯᠡᠭᠦᠦ ᠡᠷᠬᠢᠮ ᠳᠦ ᠲᠤᠭᠠᠴᠠᠭᠳᠠᠳᠠᠭ ᠤᠨ ᠰᠠᠴᠠᠭᠤ ᠦᠪᠡᠷ ᠦᠨ ᠭᠡᠰᠡᠨ ᠤᠳᠬ᠎ᠠ ᠰᠠᠨᠠᠭ᠎ᠠ᠂ ᠪᠡᠯᠭᠡᠳᠡᠯ ᠢ ᠠᠭᠤᠯᠤᠭᠰᠠᠨ ᠪᠠᠶᠢᠳᠠᠭ᠃ ᠲᠤᠰ ᠦᠭᠦᠯᠡᠯ ᠳᠦ ᠮᠣᠩᠭᠣᠯ ᠮᠠᠯᠠᠭᠠᠢ ᠳᠠᠬᠢ ᠰᠢᠪᠠᠭᠤ ᠪᠤᠯᠤᠨ ᠬᠦᠮᠦᠨ ᠦ ᠨᠢᠭᠤᠷ ᠤᠨ ᠳᠦᠷᠰᠦ ᠨᠢ ᠡᠷᠲᠡᠨ ᠦ ᠮᠣᠩᠭᠣᠯᠴᠤᠳ ᠦᠪᠡᠷ ᠦᠨ ᠶᠡᠬᠡᠰ ᠳᠡᠭᠡᠳᠦᠰ ᠦᠨ ᠲᠡᠭᠷᠢ ᠢᠵᠠᠭᠤᠷ ᠲᠠᠢ᠂ ᠲᠡᠭᠷᠢ ᠶᠢᠨ ᠦᠷ᠎ᠡ ᠰᠠᠲᠤᠨ ᠭᠡᠵᠦ ᠲᠡᠭᠷᠢ ᠶᠢᠨ ᠠᠮᠢᠲᠠᠨ ᠪᠤᠯᠬᠤ ᠰᠢᠪᠠᠭᠤ ᠶᠢ ᠰᠢᠲᠦᠵᠦ ᠪᠠᠶᠢᠭᠰᠠᠨ ᠢᠶᠠᠨ ᠨᠡᠶᠢᠭᠡᠮ ᠲᠡᠦᠬᠡ ᠶᠢᠨ ᠬᠦᠭ᠍ᠵᠢᠯ ᠢ ᠳᠠᠭᠠᠯᠭᠤᠨ᠂ ᠡᠪᠦᠭᠡ ᠳᠡᠭᠡᠳᠦᠰ ᠢᠶᠡᠨ ᠰᠢᠲᠦᠬᠦ ᠪᠤᠯᠤᠭᠰᠠᠨ ᠰᠢᠲᠦᠯᠭᠡ ᠪᠢᠰᠢᠷᠡᠯ ᠦᠨ ᠤᠳᠬ᠎ᠠ ᠰᠠᠨᠠᠭ᠎ᠠ ᠠᠭᠤᠯᠵᠤ ᠪᠠᠶᠢᠨ᠎ᠠ ᠭᠡᠰᠡᠨ ᠢ ᠦᠭᠦᠯᠡᠵᠡᠢ᠃ |