摘要 |
ᠤᠳᠬ ᠠ ᠤᠷᠠᠯᠢᠭ ᠢ ᠠᠵᠢᠯᠴᠢᠨ ᠲᠠᠷᠢᠶᠠᠴᠢᠨ ᠴᠡᠷᠢᠭ ᠲᠤ ᠦᠢᠯᠡᠴᠢᠯᠠᠬᠦᠯᠬᠦ ᠵᠢ ᠴᠢᠬᠤᠯᠠᠴᠢᠯᠠᠬᠤ ᠪᠣᠯ ᠨᠦᠬᠦᠷ ᠮᠠᠦ ᠽᠸ ᠳ᠋ᠦᠩ ᠤᠨ ᠤᠳᠬ ᠠ ᠤᠷᠠᠯᠢᠭ ᠤᠨ ᠦᠵᠡᠯ ᠰᠠᠨᠠᠭᠠᠨ ᠤ ᠨᠢᠭᠡᠨ ᠦᠨᠳᠦᠰᠦᠨ ᠵᠠᠷᠴᠢᠮ ᠪᠣᠯᠤᠨ᠎ᠠ᠃ ᠮᠠᠨ ᠤ ᠨᠡᠢᠭᠡᠮ ᠵᠢᠷᠤᠮᠲᠤ ᠤᠳᠬ ᠠ ᠤᠷᠠᠯᠢᠭ ᠪᠣᠯ ᠬᠠᠮᠤᠭ ᠤᠨ ᠦᠷᠭᠡᠨ ᠬᠡᠪᠴᠢᠶᠡᠨ ᠤ ᠤᠯᠠᠨ ᠲᠦᠮᠡᠨᠴᠢ ᠰᠠᠭᠤᠷᠢ ᠲᠠᠢ ᠵᠢᠩᠬᠢᠨᠢ ᠠᠴᠢ ᠬᠣᠯᠪᠤᠭᠳᠠᠯ ᠲᠠᠢ ᠠᠷᠠᠳ ᠲᠦᠮᠡᠨ ᠤ ᠤᠳᠬ ᠠ ᠤᠷᠠᠯᠢᠭ ᠪᠣᠯᠬᠤ ᠲᠤᠯᠠ ᠠᠷᠠᠳ ᠲᠦᠮᠡᠨ ᠲᠠᠢ ᠮᠢᠬ ᠠ ᠴᠢᠰᠤᠨ ᠤ ᠬᠠᠷᠢᠴᠠᠭ᠎ᠠ ᠲᠠᠢ ᠪᠠᠢᠵᠦ᠂ ᠠᠷᠠᠳ ᠲᠦᠮᠡᠨ ᠤ ᠲᠠᠭᠤ ᠬᠤᠭᠤᠯᠠᠢ ᠪᠣᠯᠵᠤ᠂ ᠠᠷᠠᠳ ᠲᠦᠮᠡᠨ ᠤ ᠬᠦᠳᠡᠯᠮᠦᠷᠢ ᠶᠢᠨ ᠪᠠ ᠰᠣᠶᠣᠯ ᠰᠢᠨᠵᠢᠯᠡᠬᠦ ᠤᠬᠠᠭᠠᠨ ᠤ ᠠᠮᠢᠳᠤᠷᠠᠯ ᠢ ᠲᠤᠰᠬᠠᠵᠤ᠂ ᠲᠡᠳᠡᠨᠡᠷ ᠤᠨ ᠦᠵᠡᠯ ᠰᠠᠨᠠᠭ᠎ᠠ᠂ ᠬᠠᠢᠷ ᠠ ᠰᠡᠳᠬᠢᠯᠭᠡ᠂ ᠰᠠᠢᠨ ᠰᠠᠢᠬᠠᠨ ᠬᠦᠰᠡᠯᠡᠩ ᠬᠢᠭᠡᠳ ᠭᠤᠤ ᠠ ᠰᠠᠢᠬᠠᠨ ᠤ ᠱᠠᠭᠠᠷᠳᠠᠯᠭ᠎ᠠ ᠵᠢ ᠢᠯᠡᠷᠡᠭᠦᠯᠬᠦ ᠪᠣᠯ ᠲᠡᠭᠦᠨ ᠤ ᠲᠦᠷᠦᠯᠬᠢ ᠡᠭᠦᠷᠭᠡ ᠪᠣᠯᠳᠠᠭ ᠰᠠᠨ᠃ ᠨᠦᠬᠦᠷ ᠮᠠᠤ ᠽᠸ ᠳ᠋ᠦᠩ ᠡᠴᠡ ᠶᠠᠭ ᠨᠡᠢᠭᠡᠮ ᠵᠢᠷᠤᠮᠲᠤ ᠤᠳᠬ ᠠ ᠤᠷᠠᠯᠢᠭ ᠤᠨ ᠡᠨᠡᠬᠦ ᠮᠦᠨ ᠴᠢᠠᠨᠷ ᠤᠨ ᠣᠴᠠᠯᠢᠭ ᠢ ᠠᠳᠬᠤᠨ ᠠᠪᠴᠤ᠂ ᠤᠳᠬ ᠠ ᠤᠷᠠᠯᠢᠭ ᠪᠠ ᠠᠷᠠᠳ ᠲᠦᠮᠡᠡ ᠤ ᠬᠠᠷᠢᠴᠠᠭ᠎ᠠ ᠵᠢ ᠲᠤᠳᠤᠯᠠᠬᠤ ᠡᠴᠡ ᠭᠠᠷᠳᠠᠵᠤ ᠭᠡᠷᠡᠯ ᠰᠠᠴᠤᠷᠠᠩᠭᠤᠢ ᠦᠭᠦᠯᠡᠯᠲᠡ ᠨᠤᠭᠦᠳ ᠢᠢᠡᠨ ᠲᠡᠯᠭᠡᠭᠰᠡᠨ ᠶᠣᠮ᠃ |