论文信息


题名 ᠠᠯᠠᠱᠠ ᠴᠦᠯ ᠦᠨ ᠮᠣᠩᠭᠤᠯ ᠪᠤᠢᠯᠠᠰᠤᠨ ᠤ ᠳᠦᠷᠰᠦ ᠶᠢᠨ ᠰᠦᠷᠦᠭ ᠦᠨ ᠪᠦᠲᠦᠴᠡ ᠬᠢᠭᠡᠳ ᠣᠭᠲᠠᠷᠭᠤᠢ ᠶᠢᠨ ᠲᠠᠷᠬᠠᠯᠲᠠ ᠶᠢᠨ ᠪᠠᠢᠷᠢᠯᠠᠭᠤᠯᠤᠯᠲᠠ
作者 ᠬᠤᠸᠠᠩ ᠰᠢᠶᠤᠤ ᠫᠧᠩ; ᠰᠡᠴᠡᠨᠪᠠᠭᠠᠲᠤᠷ; ᠡᠦ ᠷᠦᠩ
关键词 ᠮᠣᠩᠭᠤᠯ ᠪᠤᠢᠯᠠᠰᠤ; ᠳᠦᠷᠰᠦ ᠶᠢᠨ ᠰᠦᠷᠦᠭ ᠦᠨ ᠪᠦᠲᠦᠴᠡ; ᠣᠭᠲᠠᠷᠭᠤᠢ ᠶᠢᠨ ᠲᠠᠷᠬᠠᠯᠲᠠ ᠶᠢᠨ ᠪᠠᠢᠷᠢᠯᠠᠭᠤᠯᠤᠯᠲᠠ
摘要 ᠬᠡᠭᠡᠷ᠎ᠡ ᠶᠢᠨ ᠪᠠᠢᠴᠠᠭᠠᠯᠲᠠ ᠶᠢᠨ ᠲᠤᠭ᠎ᠠ ᠪᠠᠷᠢᠮᠲᠠ ᠶᠢ ᠦᠨᠳᠦᠰᠦᠯᠡᠵᠦ᠂ ᠠᠯᠠᠯᠱᠠ ᠴᠦᠯ ᠦᠨ ᠣᠷᠤᠨ ᠤ ᠮᠣᠩᠭᠤᠯ ᠪᠤᠢᠯᠠᠰᠤ ᠶᠢᠨ ᠳᠦᠷᠰᠦ ᠶᠢᠨ ᠰᠦᠷᠦᠭ ᠦᠨ ᠬᠦᠳᠡᠯᠦᠩᠭᠦᠢ ᠪᠤᠰᠤ ᠠᠮᠢ ᠶᠢᠨ ᠬᠦᠰᠦᠨᠦᠭᠲᠦ ᠶᠢ ᠵᠤᠬᠢᠶᠠᠵᠤ᠂ ᠮᠣᠩᠭᠤᠯ ᠪᠤᠢᠯᠠᠰᠤ ᠶᠢᠨ ᠳᠦᠷᠰᠦ ᠶᠢᠨ ᠰᠦᠷᠦᠭ ᠦᠨ ᠨᠠᠰᠤ ᠵᠢᠯ ᠦᠨ ᠶᠡᠬᠡ ᠪᠠᠭ᠎ᠠ ᠶᠢᠨ ᠪᠦᠲᠦᠴᠡ ᠶᠢᠨ ᠵᠢᠷᠤᠭ᠂ ᠤᠨᠳᠤᠷᠤᠯᠲᠠ ᠶᠢᠨ ᠨᠤᠷᠮ᠎ᠠ ᠪᠠ ᠦᠬᠦᠬᠦ ᠨᠤᠷᠮ᠎ᠠ ᠶᠢᠨ ᠵᠢᠷᠤᠭ ᠢ ᠣᠯᠬᠤ ᠶᠢᠨ ᠬᠠᠮᠲᠤ᠂ ᠳᠦᠷᠰᠦ ᠶᠢᠨ ᠰᠦᠷᠦᠭ ᠦᠨ ᠣᠭᠲᠠᠷᠭᠤᠢ ᠶᠢᠨ ᠲᠠᠷᠬᠠᠯᠲᠠ ᠶᠢᠨ ᠪᠠᠢᠷᠢᠯᠠᠭᠤᠯᠤᠯᠲᠠ ᠶᠢᠨ ᠰᠤᠳᠤᠯᠭᠠᠨ ᠠᠴᠠ ᠠᠯᠠᠱᠠ ᠴᠦᠯ ᠦᠨ ᠣᠷᠤᠨ ᠤ ᠮᠣᠩᠭᠤᠯ ᠪᠤᠢᠯᠠᠰᠤ ᠶᠢᠨ ᠳᠦᠷᠰᠦ ᠶᠢᠨ ᠰᠦᠷᠦᠭ ᠦᠨ ᠪᠦᠲᠦᠴᠡ ᠶᠢ ᠰᠤᠳᠤᠯᠪᠠ᠃ ᠰᠤᠳᠤᠯᠤᠯᠲᠠ ᠶᠢᠨ ᠦᠷ᠎ᠡ ᠳ᠋ᠦᠩ ᠬᠠᠷᠠᠭᠤᠯᠤᠭᠰᠠᠨ ᠨᠢ᠄ ᠤᠯᠠᠳᠪᠤᠭ᠎ᠠ᠂ ᠤᠯᠠᠭᠠᠨᠴᠤᠨᠵᠢ ᠶᠢᠨ ᠮᠣᠩᠭᠤᠯ ᠪᠤᠢᠯᠠᠰᠤ ᠶᠢᠨ ᠳᠦᠷᠰᠦ ᠶᠢᠨ ᠰᠦᠷᠦᠭ ᠲᠦ ᠪᠠᠭ᠎ᠠ ᠨᠠᠰᠤᠨ ᠤ ᠳᠡᠰ ᠪᠡᠦᠳᠡᠯᠦᠭᠰᠡᠨ ᠨᠠᠰᠤᠨ ᠤ ᠳᠡᠰ ᠦᠨ ᠪᠤᠳᠠᠭᠠᠯᠢ ᠪᠡᠶ᠎ᠡ ᠶᠢᠨ ᠲᠤᠭ᠎ᠠ ᠨᠢ ᠴᠦᠬᠡᠨ ᠪᠠᠢᠵᠤ᠂ ᠳᠤᠮᠳᠠ ᠨᠠᠰᠤᠨ ᠤ ᠳᠡᠰ ᠦᠨ ᠪᠤᠲᠠᠭᠠᠯᠢ ᠪᠡᠶ᠎ᠡ ᠶᠢᠨ ᠲᠤᠭ᠎ᠠ ᠨᠢ ᠠᠷᠪᠢᠨ ᠪᠠᠢᠨ᠎ᠠ᠃ ᠳᠦᠷᠰᠦ ᠶᠢᠨ ᠰᠦᠷᠦᠭ ᠦᠨ ᠨᠠᠰᠤ ᠵᠢᠯ ᠦᠨ ᠪᠦᠲᠦᠴᠡ ᠨᠢ ᠲᠤᠭᠲᠠᠪᠤᠷᠢᠲᠠᠢ ᠲᠦᠯᠦᠪ ᠡᠴᠡ ᠤᠷᠤᠭᠤᠳᠠᠬᠤ ᠲᠦᠯᠦᠪ ᠲᠦ ᠬᠠᠨᠳᠤᠪᠠ᠃ ᠬᠤᠶᠠᠷ ᠭᠠᠵᠠᠷ ᠤᠨ ᠮᠣᠩᠭᠤᠯ ᠪᠤᠢᠯᠠᠰᠤ ᠶᠢᠨ ᠳᠦᠷᠰᠦ ᠶᠢᠨ ᠰᠦᠷᠦᠭ ᠦᠨ ᠤᠨᠳᠤᠷᠤᠯᠲᠠ ᠶᠢᠨ ᠨᠤᠷᠮ᠎ᠠ ᠶᠢᠨ ᠵᠢᠷᠤᠮᠠᠭ ᠨᠢ DeveeyⅡ ᠬᠡᠯᠪᠡᠷᠢ ᠪᠡ DeveeyⅡ2 ᠬᠡᠯᠪᠡᠷᠢ ᠳᠦ ᠬᠠᠷᠢᠶᠠᠯᠠᠭᠳᠠᠨ᠎ᠠ᠃ ᠬᠤᠶᠠᠷ ᠭᠠᠵᠠᠷ ᠤᠨ ᠮᠣᠩᠭᠤᠯ ᠪᠤᠢᠯᠠᠰᠤ ᠶᠢᠨ ᠳᠦᠷᠰᠦ ᠶᠢᠨ ᠰᠦᠷᠦᠭ ᠦᠨ ᠣᠭᠲᠠᠷᠭᠤᠢ ᠶᠢᠨ ᠲᠠᠷᠬᠠᠯᠲᠠ ᠶᠢᠨ ᠪᠠᠷᠢᠯᠠᠭᠤᠯᠤᠯᠲᠠ ᠨᠢ ᠪᠦᠷ ᠪᠠᠭᠰᠢᠷᠠᠭᠰᠠᠨ ᠬᠡᠯᠪᠡᠷᠢ ᠳᠦ ᠬᠠᠷᠢᠶᠠᠯᠠᠭᠳᠠᠵᠤ ᠪᠠᠢᠨ᠎ᠠ᠃ ᠪᠡᠯᠴᠢᠭᠡᠷ ᠨᠤᠲᠤᠭ ᠪᠠ ᠮᠠᠯ ᠠᠳᠤᠭᠤᠨ ᠤ ᠲᠡᠩᠴᠡᠭᠦᠷᠢ ᠨᠢ ᠮᠣᠩᠭᠤᠯ ᠪᠤᠢᠯᠠᠰᠤ ᠶᠢᠨ ᠳᠦᠷᠰᠦ ᠶᠢᠨ ᠰᠦᠷᠦᠭ ᠦᠨ ᠲᠤᠭᠲᠠᠪᠤᠷᠢᠲᠠᠢ ᠪᠠᠢᠬᠤ ᠳᠤ ᠴᠢᠬᠤᠯᠠ ᠨᠦᠯᠦᠭᠡ ᠦᠵᠡᠭᠦᠯᠬᠦ ᠶᠢ ᠰᠤᠳᠤᠯᠤᠯᠲᠠ ᠠᠴᠠ ᠮᠡᠳᠡᠪᠡ᠃
原文 没有原文
出自 内蒙古师范大学学报(自然科学蒙古文版) 2014年 第2期

联系我们


内蒙古大学图书馆
呼和浩特市大学西路235号
中国·内蒙古
P: (0471) 4992561
E: huangfeilong@imu.edu.cn