题名 |
ᠬᠤᠷᠴᠢᠨ ᠤ ᠭᠠᠵᠠᠷ ᠤᠨ ᠨᠡᠷ ᠡ ᠳᠡᠬᠢ ᠱᠠᠰᠢᠨ ᠰᠢᠳᠦᠯᠭᠡ ᠵᠢᠨ ᠰᠣᠶᠤᠯ |
作者 |
ᠪᠣᠣ ᠵᠢᠨ ᠬᠤᠸᠠ |
关键词 |
ᠬᠤᠷᠴᠢᠨ; ᠭᠠᠵᠠᠷ ᠤᠨ ᠨᠡᠷ ᠡ; ᠱᠠᠰᠢᠨ ᠰᠢᠳᠦᠯᠭᠡ |
摘要 |
ᠭᠠᠵᠠᠷ ᠤᠨ ᠨᠡᠷ ᠪᠣᠯ ᠦᠭᠡᠰ ᠤᠨ ᠰᠠᠩ ᠤᠨ ᠴᠢᠬᠤᠯᠠ ᠨᠢᠭᠡ ᠪᠦᠷᠢᠯᠳᠦᠭᠦᠨ ᠬᠡᠰᠡᠭ ᠪᠠᠶᠢᠵᠤ᠂ ᠬᠡᠯᠡᠨ ᠤ ᠴᠣᠭᠴᠠᠰ ᠤᠨ ᠳᠣᠲᠤᠷ ᠠ ᠬᠡᠯᠡᠨ ᠤ ᠦᠭᠡᠰ ᠤᠨ ᠰᠠᠩ ᠪᠣᠯ ᠬᠠᠮᠤᠭ ᠤᠨ ᠰᠤᠷᠭᠤᠭ ᠡᠰ ᠪᠣᠯᠤᠨ᠌ ᠠ᠃ ᠮᠦᠨ ᠴᠦ ᠨᠡᠶᠢᠭᠡᠮ ᠰᠣᠶᠤᠯ ᠤᠨ ᠨᠦᠯᠦᠭᠡ ᠵᠢ ᠬᠠᠮᠤᠭ ᠤᠨ ᠠᠮᠠᠷᠬᠠᠨ ᠬᠦᠷᠲᠡᠳᠡᠭ ᠪᠠᠶᠢᠨ᠌ ᠠ᠃ ᠭᠠᠵᠠᠷ ᠤᠨ ᠨᠡᠷ ᠡ ᠨᠢ ᠮᠦᠨ ᠴᠦ ᠨᠢᠭᠡ ᠵᠦᠢᠯ ᠤᠨ ᠨᠡᠶᠢᠭᠡᠮ ᠤᠨ ᠦᠵᠡᠭᠳᠡᠯ ᠪᠠᠶᠢᠵᠤ᠂ ᠦᠨᠳᠦᠰᠦᠲᠡᠨ ᠤ ᠤᠷᠠᠯᠢᠭ᠂ ᠣᠷᠤᠨ ᠨᠤᠲᠤᠭ ᠤᠨ ᠣᠨᠴᠠᠯᠢᠭ᠂ ᠴᠠᠭ ᠦᠶ ᠡ ᠵᠢᠨ ᠣᠨᠴᠠᠯᠢᠭ ᠲᠠᠢ ᠪᠠᠶᠢᠵᠤ᠂ ᠲᠣᠬᠠᠢ ᠵᠢᠨ ᠣᠷᠤᠨ ᠨᠤᠲᠤᠭ ᠤᠨ ᠬᠡᠯᠡ ᠶᠠᠷᠢᠶᠠᠨ ᠤ ᠦᠪᠡᠷᠮᠢᠴᠡ ᠣᠨᠴᠠᠯᠢᠭ ᠢ ᠵᠣᠬᠢᠬᠤ ᠲᠠᠯ ᠠ ᠪᠡᠷ ᠲᠤᠰᠭᠠᠳᠠᠭ ᠶᠤᠮ᠃ ᠭᠠᠵᠠᠷ ᠤᠨ ᠨᠡᠷ ᠡ ᠵᠢᠨ ᠣᠨᠴᠠᠯᠢᠭ᠂ ᠡᠭᠦᠰᠦᠯ ᠢᠷᠡᠯ᠂ ᠬᠣᠪᠢᠷᠠᠯ ᠰᠣᠯᠢᠭᠳᠠᠯ ᠨᠢ ᠲᠣᠬᠠᠢ ᠵᠢᠨ ᠭᠠᠵᠠᠷ ᠣᠷᠤᠨ ᠤ ᠰᠠᠭᠤᠭᠠᠯᠢ ᠣᠷᠤᠨ ᠤ ᠠᠳᠠᠯᠢ ᠪᠣᠰᠤ ᠲᠡᠦᠬᠡᠲᠦ ᠴᠠᠭ ᠦᠶ ᠡ ᠳᠡᠭᠢ ᠠᠳᠠᠯᠢ ᠪᠣᠰᠤ ᠵᠢᠨ ᠰᠣᠶᠤᠯ ᠰᠡᠳᠭᠢᠯᠭᠡᠨ ᠢ ᠲᠤᠰᠭᠠᠵᠤ ᠪᠠᠶᠢᠳᠠᠭ᠃ ᠦᠭᠦᠯᠡᠯ ᠳᠤ ᠬᠡᠯᠡ ᠰᠣᠶᠤᠯ ᠤᠨ ᠤᠶᠠᠯᠳᠤᠮᠵᠢ ᠵᠢᠨ ᠵᠠᠷᠴᠢᠮ ᠢ ᠪᠠᠷᠢᠮᠲᠠᠯᠠᠵᠤ᠂ ᠬᠤᠷᠴᠢᠨ ᠤ ᠭᠠᠵᠠᠷ ᠤᠨ ᠨᠡᠷ ᠡ ᠳᠤ ᠲᠤᠰᠭᠠᠭᠳᠠᠵᠤ ᠪᠠᠶᠢᠭ᠋ ᠠ ᠱᠠᠰᠢᠨ ᠰᠢᠳᠦᠯᠭᠡ ᠵᠢᠨ ᠤᠯᠠ ᠮᠦᠷ ᠢ ᠡᠷᠢᠯᠬᠢᠯᠡᠬᠦ ᠵᠢ ᠵᠣᠷᠢᠪᠠ᠃ |
原文 |
查看原文
|
出自 |
内蒙古民族大学学报(社会科学)
2006年
第1期
|