摘要 |
ᠲᠤᠰ ᠦᠭᠦᠯᠡᠯ ᠳᠦ ᠬᠤᠷᠴᠢᠨ ᠠᠮᠠᠨ ᠠᠶᠠᠯᠭ᠋ᠤᠨ ᠤ᠂ ᠮᠦᠨ ᠵᠢᠷᠢᠮ ᠠᠢᠮᠠᠭ ᠤᠨ ᠲᠠᠪᠤᠨ ᠬᠤᠰᠢᠭ᠋ᠤ ᠬᠤᠶᠠᠷ ᠬᠣᠲᠠ ᠨᠢᠭᠡ ᠰᠢᠶᠠᠨ ᠤ ᠬᠡᠯᠡ ᠬᠡᠯᠡᠯᠭᠡ ᠶᠢᠨ ᠮᠠᠲ᠋ᠧᠷᠢᠶᠠᠯ ᠳᠤ ᠲᠤᠯᠳᠤᠢᠳᠤᠨ᠂ ᠤᠳᠬ᠎ᠠ ᠬᠠᠪᠳᠠᠭ᠋ᠠᠢᠷᠠᠭ᠋ᠤᠯᠬᠤ ᠠᠷᠭ᠋ᠠᠰ ᠢ ᠵᠤᠷᠪᠤᠰᠴᠢᠯᠠᠨ ᠦᠵᠡᠭᠦᠯᠬᠦ ᠪᠡᠷ ᠴᠢᠷᠮᠠᠢᠪᠠ᠃ ᠡᠭᠦᠨ ᠳᠦ (ᠨᠢᠭᠡ) ᠦᠭᠡ ᠶᠢ ᠲᠡᠭᠦᠨ ᠦ ᠠᠪᠢᠶᠠᠯᠠᠪᠤᠷᠢ ᠰᠡᠯᠭᠦᠭᠰᠡᠨ ᠬᠡᠯᠪᠡᠷᠢ ᠯᠦᠭᠡ ᠨᠢ ᠬᠤᠷᠰᠢᠭ᠋ᠤᠯᠵᠤ ᠬᠡᠯᠡᠬᠦ ᠪᠠᠢᠳᠠᠯ — (1) ᠡᠬᠢᠨ ᠦ ᠪᠤᠰᠤ ᠠᠪᠢᠶ᠎ᠠ ᠶᠢ ᠨᠢ ᠠᠪᠢᠶᠠᠯᠠᠪᠤᠷᠢ ᠰᠡᠯᠭᠦᠭᠦᠯᠦᠭᠰᠡᠨ; (2) ᠡᠬᠢᠨ ᠦ ᠠᠪᠢᠶ᠎ᠠ ᠶᠢ ᠨᠢ ᠠᠪᠢᠶᠠᠯᠠᠪᠤᠷᠢ ᠰᠡᠯᠭᠦᠭᠦᠯᠬᠦ; (ᠬᠤᠶᠠᠷ) ᠦᠭᠡ ᠶᠢ ᠲᠡᠭᠦᠨ ᠲᠡᠢ ᠤᠳᠬ᠎ᠠ ᠶᠢᠨ ᠬᠠᠷᠢᠴᠠᠭ᠎ᠠ ᠪᠦᠬᠦᠢ ᠪᠤᠳᠠᠲᠤ ᠦᠭᠡ ᠯᠦᠭᠡ ᠨᠢ ᠬᠤᠷᠰᠢᠭ᠋ᠤᠯᠬᠤ ᠪᠠᠢᠳᠠᠯ — (1) ᠲᠦᠷᠦᠯ ᠦᠨ ᠬᠠᠷᠢᠴᠠᠭ᠎ᠠ ᠪᠦᠬᠦᠢ ᠦᠭᠡ ᠯᠦᠭᠡ ᠨᠢ ᠬᠤᠷᠰᠢᠭ᠋ᠤᠯᠬᠤ ᠨᠢ; (2) ᠡᠰᠡᠷᠭᠦ ᠤᠳᠬ᠎ᠠ ᠲᠠᠢ ᠦᠭᠡ ᠯᠦᠭᠡ ᠨᠢ ᠬᠤᠷᠰᠢᠭ᠋ᠤᠯᠬᠤ ᠨᠢ; (3) ᠬᠠᠷᠠᠭ᠋ᠠᠯᠵᠠᠭᠰᠠᠨ ᠪᠢᠴᠢᠭ ᠦᠨ ᠦᠭᠡ ᠯᠦᠭᠡ ᠨᠢ ᠬᠤᠷᠰᠢᠭ᠋ᠤᠯᠬᠤ ᠨᠢ ᠭᠡᠬᠦ ᠮᠡᠲᠦ ᠪᠡᠷ ᠦᠭᠦᠯᠡᠵᠡᠢ᠃ |