摘要 |
ᠬᠡᠯᠡ ᠰᠢᠨᠵᠢᠯᠡᠭᠴᠢᠳ ᠬᠡᠯᠡᠨ ᠤ ᠶᠠᠮᠠᠷ ᠨᠢᠭᠡᠨ ᠦᠵᠡᠭᠳᠡᠯ ᠢ ᠲᠡᠦᠬᠡᠨ ᠡᠭᠦᠳᠡᠨ ᠡᠴᠡ ᠲᠡᠬᠦᠨ ᠤ ᠠᠯᠢ ᠨᠢᠭᠡᠨ ᠱᠠᠲᠤ ᠦᠶ ᠡ ᠳ᠋ᠤ ᠤᠯᠠᠷᠢᠨ ᠭᠡᠷᠡᠭᠯᠡᠭᠳᠡᠭᠰᠡᠨ ᠪᠠᠢᠳᠠᠯ᠂ ᠣᠨᠴᠠᠯᠢᠭ ᠢ ᠢᠯᠡᠷᠡᠭᠦᠯᠬᠦ ᠳ᠋ᠤ《ᠭᠡᠰᠡᠷ》 ᠤᠨ ᠬᠡᠯᠡ ᠪᠡᠷ 18 ᠳ᠋ᠤᠭᠠᠷ ᠵᠠᠭᠤᠨ ᠤ ᠦᠶ ᠡ ᠶᠢᠨ ᠮᠣᠩᠭᠤᠯ ᠬᠡᠯᠡ ᠵᠢ ᠲᠦᠯᠦᠭᠡᠯᠡᠭᠴᠢ ᠪᠦᠲᠦᠭᠡᠯ ᠪᠣᠯᠭᠠᠨ ᠴᠢᠬᠤᠯᠠᠴᠢᠯᠠᠨ ᠦᠵᠡᠵᠦ ᠰᠣᠳᠤᠯᠳᠠᠭ ᠪᠠᠢᠨ᠎ᠠ᠃《ᠭᠡᠰᠡᠷ》 ᠤᠨ ᠬᠡᠯᠡᠨ ᠳ᠋ᠤ ᠬᠡᠯᠡᠨ ᠤ ᠵᠦᠢ ᠶᠢᠨ ᠲᠠᠯ ᠠ ᠪᠡᠷ ᠨᠡᠯᠢᠶᠡᠳ ᠰᠤᠨᠢᠷᠬᠠᠯᠲᠠᠢ ᠦᠵᠭᠳᠡᠯ ᠤᠳ ᠪᠤᠢ᠃ ᠲᠡᠳᠡᠭᠡᠷ ᠤᠨ ᠨᠢᠭᠡ ᠨᠢ ᠲᠠᠷᠤᠢ ᠡᠨᠲᠡ ᠶᠠᠷᠢᠵᠤ ᠪᠠᠢᠭ᠎ᠠ ᠭᠤᠷᠬᠤ ᠶᠢᠨ ᠲᠠᠢᠨ ᠢᠯᠭᠠᠯ ᠤᠨ ᠰᠤᠨᠢᠷᠬᠠᠯᠲᠠᠢ ᠬᠷᠡᠯᠪᠷᠢ ᠨᠣᠭᠦᠳ ᠪᠣᠯᠤᠨ᠎ᠠ᠃ ᠪᠢᠲᠡᠨ ᠤ ᠠᠵᠢᠭᠯᠠᠭᠰᠠᠨ ᠢᠢᠡᠷ《ᠭᠡᠰᠡᠷ》ᠤᠨ ᠬᠡᠯᠡᠨ ᠳ᠋ᠡᠬᠢ ᠭᠠᠷᠬᠤ ᠶᠢᠨ ᠲᠠᠢᠨ ᠢᠯᠭᠡᠯ ᠤᠨ ᠬᠡᠯᠪᠡᠷᠢ ᠨᠣᠭᠦᠳ ᠲᠤ 《ᠮᠣᠩᠭᠤᠯ ᠤᠨ ᠨᠢᠭᠤᠴᠠ ᠲᠤᠪᠴᠢᠶᠠᠨ》᠂ 《ᠠᠯᠲᠠᠨ ᠲᠤᠪᠴᠢ》ᠳ᠌ᠦ ᠢᠯᠡᠷᠡᠭᠰᠡᠨ ᠬᠡᠯᠪᠡᠷᠢ ᠪᠠᠢᠬᠤ ᠪᠠ ᠲᠡᠳᠡᠭᠡᠷ ᠲᠤ ᠢᠯᠡᠷᠡᠭᠰᠡᠨ ᠦᠭᠡᠢ ᠰᠢᠨ᠎ᠠ ᠬᠡᠯᠪᠡᠷᠢ ᠴᠦ ᠢᠯᠡᠷᠡᠳᠡᠭ ᠢᠢᠡᠷ ᠪᠠᠷᠠᠬᠤ ᠦᠭᠡᠢ᠂ ᠪᠠᠰᠠ ᠣᠷᠴᠢᠨ ᠴᠠᠭ ᠤᠨ ᠮᠣᠩᠭᠤᠯ ᠬᠡᠯᠡᠨ ᠳ᠋ᠦ ᠪᠠᠢᠬᠤ ᠦᠭᠡᠢ ᠬᠡᠯᠪᠡᠷᠢ ᠴᠦ ᠪᠤᠢ᠃ |