摘要 |
ᠪᠠᠷᠠᠭᠤᠨ ᠵᠦᠭ ᠤᠨ ᠤᠯᠤᠰ ᠤᠷᠤᠨ ᠦ ᠲᠡᠦᠬᠡᠴᠢᠳ ᠤᠨ ᠮᠣᠩᠭᠣᠯ ᠤᠨ ᠲᠤᠬᠠᠢ ᠫᠸᠷᠰ᠂ ᠲᠦᠷᠦᠭ ᠬᠡᠯᠡ ᠪᠡᠷ ᠲᠤᠭᠤᠷᠪᠢᠵᠦ ᠤᠯᠠᠮᠵᠢᠯᠠᠭᠰᠠᠨ ᠰᠤᠷᠪᠤᠯᠵᠢᠰ ᠢ ᠮᠣᠩᠭᠣᠯᠴᠢᠯᠠᠬᠤ ᠠᠵᠢᠯ ᠠᠬᠢᠴᠡ ᠤᠳᠠᠭᠠᠪᠳᠤᠷ ᠪᠠᠢ᠌ᠬᠤ ᠨᠢ ᠦᠨᠡᠨ ᠡ᠃ ᠡᠨᠡ ᠪᠠᠢ᠌ᠳᠠᠯ ᠳᠤ ᠬᠠᠷᠠᠭᠠᠯᠠᠵᠤ 《ᠤᠭᠤᠽᠢ(ᠤᠬᠢᠰ)ᠬᠠᠭᠠᠨ ᠦ ᠨᠠᠮᠭ᠋ ᠠ》᠋ ᠶᠢ ᠤᠢ᠌ᠭᠤᠷ ᠤᠨ ᠡᠷᠳᠡᠨ ᠦ ᠴᠠᠭᠠᠳᠠᠷᠴᠢᠯᠠᠭᠰᠠᠨ ᠬᠡᠯᠡᠨ ᠡᠴᠡ 《ᠰᠡᠴᠡᠯᠡᠭᠴᠢᠳ ᠤᠨ ᠴᠢᠭᠤᠯᠭᠠᠨ ᠦ ᠨᠠᠮᠭ᠋ ᠠ》᠋ ᠶᠢ ᠲᠦᠷᠦᠭ ᠬᠡᠯᠡᠨ ᠦ ᠡᠬᠡ ᠶᠢ ᠬᠠᠰᠠᠭ ᠬᠡᠯᠡ ᠲᠠᠢ ᠬᠠᠷᠢᠴᠠᠭᠤᠯᠤᠨ ᠮᠣᠩᠭ᠋ᠣᠯᠴᠢᠯᠠᠭᠰᠠᠨ ᠲᠦᠷᠦ ᠶᠢᠨ ᠱᠠᠩᠨᠠᠯᠳᠤ ᠠᠯᠲᠠᠷᠳᠤ ᠤᠷᠴᠢᠭᠤᠯᠤᠭᠴᠢ ᠦᠫᠡᠢ ᠶᠢᠨ ᠴᠡᠷᠡᠨᠳᠤᠷᠵᠢ ᠪᠡᠷ ᠦᠨᠦᠭᠡᠨ ᠤᠢ᠌ᠭᠤᠷ ᠬᠡᠯᠡ ᠡᠴᠡ ᠮᠣᠩᠭ᠋ᠣᠯᠴᠢᠯᠠᠭᠰᠠᠨ 《ᠬᠠᠰᠸᠰᠦ᠋ᠯ — ᠭᠠᠷᠠᠶᠢᠪ 》᠋ ᠤᠨ ᠮᠣᠩᠭᠣᠯ ᠲᠡᠦᠬᠡ ᠳᠤ ᠬᠤᠯᠪᠤᠭᠳᠠᠭᠰᠠᠨ ᠬᠤᠶᠠᠷ ᠭᠤᠷᠪᠠᠳᠤᠭᠠᠷ ᠪᠦᠯᠦᠭ ᠢ ᠤᠳᠬ ᠠ ᠪᠡᠷ ᠨᠡᠢ᠌ᠳᠡᠯᠡᠵᠦ᠃ ᠰᠤᠳᠤᠯᠤᠭᠴᠢᠳ ᠤᠨ ᠭᠠᠷ ᠤᠨ ᠠᠪᠤᠯᠭ᠎ᠠ ᠪᠤᠯᠭᠠᠪᠠ᠃ |