摘要 |
ᠦᠨᠳᠦᠰᠦᠲᠡᠨ ᠦ ᠤᠯᠠᠮᠵᠢᠯᠠᠯᠲᠤ ᠵᠠᠩ ᠳᠠᠳᠬᠠᠯ᠂ ᠰᠠᠨ᠋ᠠᠭ᠎ᠠ ᠵᠤᠷᠢᠭ ᠢ ᠪᠢᠴᠢᠭᠡᠯᠡᠵᠦ᠂ ᠦᠨᠳᠦᠰᠦᠲᠡᠨ ᠦ ᠣᠨᠴᠠᠯᠢᠭ ᠦᠪᠡᠷᠮᠢᠴᠡ ᠰᠢᠨᠵᠢ ᠢ ᠢᠯᠡᠷᠡᠭᠦᠯᠦᠨ᠂ ᠣᠷᠤᠨ ᠨᠤᠲᠤᠭ ᠤᠨ ᠦᠩᠭᠡ ᠪᠤᠳᠤᠭ ᠢ ᠲᠤᠳᠤᠷᠠᠭ᠋ᠤᠯᠤᠭᠰᠠᠨ — ᠰᠠᠷ᠎ᠠ ᠳᠦᠭᠦᠷᠡᠭᠰᠡᠨ ᠪᠠᠶᠠᠷ᠂ ᠬᠤᠷᠢᠮ ᠨᠠᠢᠷ᠂ ᠣᠪᠤᠭ᠎ᠠ ᠱᠠᠩᠰᠢ ᠶᠢᠨ ᠲᠠᠬᠢᠯᠭ᠎ᠠ᠂ 《ᠨᠠᠪᠴᠢ ᠶᠢᠨ ᠬᠤᠷᠠᠯ》᠂ ᠠᠪᠠ ᠠᠩ᠂ ᠵᠢᠷᠦᠮ ᠨᠠᠢᠷ᠂ ᠪᠦᠬᠡ ᠣᠷᠤᠭ᠋ᠤᠯᠵᠤ ᠵᠠᠶᠠᠭ᠋ᠠᠴᠢ ᠲᠠᠬᠢᠬᠤ᠂ ᠪᠦᠲᠦᠨ᠎ᠡ ᠬᠡᠷᠡᠯᠳᠦᠭᠦᠯᠬᠦ᠂ ᠵᠢᠷᠠᠨ ᠫᠠᠢ ᠨᠠᠭ᠋ᠠᠳᠬᠤ ᠵᠡᠷᠭᠡ ᠶᠠᠪᠤᠳᠠᠯ ᠠᠴᠠ ᠦᠨᠳᠦᠰᠦᠲᠡᠨ ᠦ ᠰᠢᠨᠵᠢ᠂ ᠣᠷᠤᠨ ᠨᠤᠲᠤᠭ ᠤᠨ ᠣᠨᠴᠠᠯᠢᠭ ᠢ ᠲᠤᠳᠤ ᠣᠯᠵᠤ ᠬᠠᠷᠠᠬᠤ ᠪᠤᠯᠤᠨ᠎ᠠ᠃ ᠠᠷᠠᠳ ᠤᠨ ᠠᠮᠢᠳᠤ ᠬᠡᠯᠡᠯᠭᠡ ᠶᠢ ᠳᠠᠳᠮᠠᠭ᠋ᠠᠢ ᠬᠡᠷᠡᠭᠯᠡᠵᠦ᠂ ᠬᠤᠷᠴᠢᠨ ᠤ ᠬᠡᠯᠡᠨ ᠦ ᠤᠷᠠᠯᠢᠭ ᠪᠠ ᠪᠠᠶᠠᠯᠢᠭ ᠢ ᠭᠠᠢᠬᠠᠭ᠋ᠤᠯᠤᠨ᠂ ᠵᠤᠬᠢᠶᠠᠯ ᠤᠨ ᠬᠡᠯᠡᠯᠭᠡ ᠪᠡᠨ ᠤᠷᠤᠰᠤᠮ᠎ᠠ ᠰᠠᠢᠬᠠᠨ᠂ ᠠᠭ᠋ᠤᠳᠠᠮ ᠴᠢᠯᠦᠭᠡᠲᠡᠢ᠂ ᠠᠮᠢᠳᠤ ᠳᠦᠷᠰᠦᠯᠢᠭ᠂ ᠪᠤᠷᠤᠭᠵᠢᠭ᠋ᠤᠨ ᠬᠠᠪᠤᠯᠢᠭ ᠪᠤᠯᠭ᠋ᠠᠵᠤ ᠴᠢᠳᠠᠵᠠᠢ᠃ |