题名 |
ᠣᠳᠣ ᠦᠶ ᠡ ᠵᠢᠨ ᠮᠣᠩᠭ᠋ᠤᠯ ᠰᠢᠯᠦᠭᠴᠢ ᠵᠢᠨ ᠮᠡᠳᠡᠷᠡᠮᠵᠢ ᠵᠢᠨ ᠵᠠᠭᠪᠤᠷ |
作者 |
ᠬᠠᠶᠢᠷᠬᠠᠨ |
关键词 |
ᠣᠳᠣ ᠦᠶ ᠡ; ᠮᠣᠩᠭ᠋ᠤᠯ ᠰᠢᠯᠦᠭ; ᠮᠡᠳᠡᠷᠡᠮᠵᠢ ᠵᠢᠨ ᠵᠠᠭᠪᠤᠷ |
摘要 |
ᠣᠳᠣ ᠦᠶ ᠡ ᠵᠢᠨ ᠮᠣᠩᠭ᠋ᠤᠯ ᠰᠢᠯᠦᠭ ᠪᠦᠲᠦᠭᠡᠯᠭᠡ ᠳᠤ《ᠪᠠᠶᠢᠭᠠᠯᠢ — ᠬᠦᠮᠦᠨ — ᠨᠡᠶᠢᠭᠡᠮ》ᠭᠡᠬᠦ ᠮᠡᠳᠡᠷᠡᠮᠵᠢ ᠵᠢᠨ ᠵᠠᠭᠪᠤᠷ ᠪᠦᠷᠢᠯᠳᠦᠪᠡ᠃ ᠨᠠ·ᠰᠠᠶᠢᠨᠴᠣᠭᠲᠤ ᠪᠠ ᠪ·ᠪᠦᠷᠢᠨᠪᠡᠬᠢ ᠵᠢᠨ ᠮᠡᠳᠡᠷᠡᠮᠵᠢ ᠵᠢᠨ ᠵᠠᠭᠪᠤᠷ ᠨᠢ ᠬᠣᠶᠠᠷ ᠵᠦᠢᠯ ᠤᠨ ᠠᠳᠠᠯᠢ ᠪᠣᠰᠤ ᠰᠤᠩᠭ᠋ᠤᠯᠲᠠ ᠵᠢ ᠲᠦᠯᠦᠭᠡᠯᠡᠵᠡᠢ᠃ ᠡᠮᠦᠨᠡᠬᠢ ᠨᠢ 《ᠬᠦᠮᠦᠨ — ᠨᠡᠶᠢᠭᠡᠮ — ᠤᠯᠤᠰ ᠲᠦᠷᠦ》 ᠳᠤ ᠬᠡᠯᠪᠡᠶᠢᠭᠰᠡᠨ ᠪᠣᠯ ᠬᠣᠶᠢᠨᠠᠬᠢ ᠨᠢ《ᠪᠠᠶᠢᠭᠠᠯᠢ — ᠬᠦᠮᠦᠨ — ᠨᠡᠶᠢᠭᠡᠮ》 ᠳ᠋ᠤ ᠬᠡᠯᠪᠡᠶᠢᠵᠡᠢ᠃ ᠨᠠ·ᠰᠠᠶᠢᠨᠴᠣᠭᠲᠤ ᠵᠢᠨ ᠰᠢᠯᠦᠭ ᠲᠡᠬᠢ《ᠬᠡᠦᠬᠡᠨ ᠤ ᠡᠬᠡᠨᠡᠭ᠍ᠰᠢᠯ》ᠪᠠ ᠪ·ᠪᠦᠷᠢᠨᠪᠡᠬᠢ ᠵᠢᠨ ᠰᠢᠯᠦᠭ ᠲᠡᠬᠢ《ᠪᠠᠶᠢᠭᠠᠯᠢ ᠵᠢᠨ ᠡᠬᠡᠨᠡᠭᠰᠢᠯ》 ᠪᠣᠯ ᠲᠡᠭᠦᠨ ᠤ ᠲᠦᠪᠯᠡᠷᠡᠩᠬᠦᠢ ᠢᠯᠡᠷᠡᠯ ᠪᠣᠯᠤᠨ᠌ ᠠ᠃ ᠡᠳᠡᠭᠡᠷ ᠡᠬᠡᠨᠡᠭᠰᠢᠯ ᠨᠢ ᠮᠦᠨ ᠴᠦ ᠳᠡᠭᠡᠷᠡᠬᠢ ᠬᠣᠶᠠᠷ ᠰᠢᠯᠦᠭᠴᠢ ᠵᠢᠨ ᠰᠢᠯᠦᠭ ᠪᠦᠲᠦᠭᠡᠯᠭᠡ ᠵᠢ ᠠᠮᠵᠢᠯᠲᠠ ᠳᠤ ᠬᠦᠷᠭᠡᠭ᠍ᠰᠡᠨ ᠴᠢᠬᠤᠯᠠ ᠬᠦᠳᠡᠯᠭᠡᠬᠦ ᠬᠦᠴᠦᠨ ᠪᠣᠯᠤᠨ᠌ ᠠ᠃ |
原文 |
查看原文
|
出自 |
内蒙古民族大学学报(社会科学)
2006年
第1期
|