摘要 |
ᠳᠤᠰ ᠦᠭᠦᠯᠡᠯ ᠳᠤ ᠪᠠᠶᠠᠨᠪᠢᠯᠢᠭ᠍ᠳᠤ ᠠᠪᠤᠭᠠᠢ ᠶᠢᠨ ᠠᠯᠢ ᠤᠯᠠᠨ ᠵᠤᠬᠢᠶᠠᠯ ᠪᠦᠳᠦᠭᠡᠯ ᠢ ᠲᠤᠢᠮᠤᠴᠢᠯᠠᠨ ᠳᠠᠨᠢᠯᠴᠠᠭᠤᠯᠬᠤ ᠶᠢᠨ ᠬᠠᠮᠳᠤ ᠬᠢᠲᠠᠳ ᠦᠰᠦᠭ ᠶᠢᠨᠷ ᠴᠤᠬᠤᠯᠲᠠ ᠲᠠᠢ᠌ᠯᠪᠤᠷᠢ ᠪᠢᠴᠢᠭᠰᠡᠨ 《ᠪᠤᠭᠲᠠ ᠴᠢᠩᠬᠢᠰ ᠬᠠᠭᠠᠨ ᠦ ᠰᠤᠳᠤᠷ》ᠢ᠋ ᠭᠤᠤᠯᠴᠢᠯᠠᠨ ᠳᠠᠨᠢᠯᠴᠠᠭᠤᠯᠪᠠ᠃《ᠪᠤᠭᠲᠠ ᠴᠢᠩᠬᠢᠰ ᠬᠠᠭᠠᠨ ᠦ ᠰᠤᠳᠤᠷ》ᠬᠡᠮᠡᠬᠦ ᠪᠢᠴᠢᠭ᠌ ᠪᠤᠯ ᠬᠠᠷᠠᠴᠢᠨ ᠸᠠᠩ ᠤᠨ ᠤᠷᠳᠤᠨ ᠳᠤ ᠬᠠᠳᠠᠭᠠᠯᠠᠭᠳᠠᠨ ᠠᠭᠰᠠᠨ ᠤᠳᠤᠬᠠᠨ ᠳᠤ ᠰᠢᠨ᠎ᠡ ᠪᠡᠷ ᠤᠯᠳᠠᠭ᠎ᠠ ᠨᠢᠭᠡᠨ ᠢᠵᠢ ᠭᠠᠷ ᠬᠠᠭᠤᠯᠪᠤᠷᠢ ᠬᠤᠪᠤᠷ ᠴᠤᠬᠠᠭ ᠮᠣᠩᠭᠣᠯ ᠲᠡᠦᠬᠡᠨ ᠰᠤᠷᠪᠤᠯᠵᠢ ᠪᠢᠴᠢᠭ᠌ ᠮᠦᠨ ᠃ ᠳᠤᠰ ᠪᠢᠴᠢᠭ᠌ ᠪᠤᠯᠪᠠᠰᠤ ᠤᠳᠤᠬᠠᠨ ᠳᠤ ᠤᠯᠤᠰ ᠤᠨ ᠳᠤᠳᠤᠭᠠᠳᠤ ᠳᠤ ᠢᠯᠡᠷᠡᠭᠦᠯᠦᠭᠰᠡᠨ ᠵᠤᠬᠢᠶᠠᠭᠴᠢ ᠶᠢᠨ ᠨᠡᠷ ᠡ ᠦᠭᠡᠢ᠂ 《ᠬᠠᠳ ᠤᠨ ᠦᠨᠳᠦᠰᠦᠨ ᠬᠤᠷᠢᠶᠠᠩᠭ᠋ᠤᠢ ᠠᠯᠲᠠᠨ ᠲᠤᠪᠴᠢ》ᠯᠤᠭ᠎ᠠ ᠨᠢᠭ᠌ᠳᠠ ᠬᠠᠷᠢᠴᠠᠭᠠᠦᠬᠦᠢ ᠤᠯᠠᠨ ᠬᠠᠭᠤᠯᠪᠤᠷᠢ ᠳᠡᠪᠲᠡᠷ ᠳᠤᠳᠤᠷᠠᠬᠢ ᠬᠠᠮᠤᠭ ᠲᠦᠷᠦᠭᠦᠨ ᠦ ᠳᠡᠪᠲᠡ ᠪᠦᠭᠡᠳ ᠴᠤᠷ ᠤᠨ ᠭᠠᠭᠴᠠ ᠬᠢᠲᠠᠳ ᠦᠰᠦᠭ ᠤᠨ ᠮᠠᠩᠨᠠᠢ ᠶᠢᠨ ᠴᠤᠬᠤᠯᠲᠠ ᠪᠦᠭᠦᠢ ᠦᠪᠡᠷᠮᠢᠴᠡ ᠤᠨᠴᠠᠯᠢᠭ ᠲᠠᠢ ᠮᠣᠩᠭᠣᠯ ᠲᠡᠦᠬᠡ ᠶᠢᠨ ᠦᠨᠡᠳᠦ ᠨᠠᠨᠳᠢᠨ ᠰᠤᠷᠪᠤᠯᠵᠢ ᠪᠢᠴᠢᠭ᠌ ᠪᠤᠯᠤᠨ᠎ᠠ᠃ ᠳᠤᠰ ᠦᠭᠦᠯᠡᠯ ᠳᠤ ᠂ ᠦᠩᠭᠡᠷᠡᠭᠰᠡᠨ ᠬᠦᠮᠦᠰ ᠤᠨ ᠰᠤᠳᠤᠯᠭᠠᠨ ᠦ ᠦᠷ ᠡ ᠪᠦᠳᠦᠭᠡᠯ ᠳᠤ ᠰᠠᠭᠤᠷᠢᠯᠠᠵᠤ᠂ ᠬᠤᠯᠪᠤᠭᠳᠠᠯ ᠪᠦᠬᠦᠢ ᠮᠠᠲ᠋ᠸᠷᠢᠶᠠᠯ ᠢ ᠠᠰᠢᠭᠯᠠᠵᠤ᠂ ᠬᠠᠷᠠᠴᠢᠨ ᠪᠠ ᠳᠡᠭᠦᠨ ᠪᠠᠶᠠᠨᠪᠢᠯᠢᠭ᠍ᠳᠤ ᠠᠪᠤᠭᠠᠢ ᠪᠠ ᠳᠡᠭᠦᠨ ᠦ 《ᠪᠤᠭᠲᠠ ᠴᠢᠩᠬᠢᠰ ᠬᠠᠭᠠᠨ ᠦ ᠰᠤᠳᠤᠷ》ᠬᠡᠮᠡᠬᠦ ᠪᠢᠴᠢᠭ᠌ ᠲᠤ ᠰᠢᠨᠵᠢᠯᠡᠬᠡ ᠬᠢᠪᠡ᠃ |