摘要 |
《ᠤᠳᠬ ᠠ ᠵᠣᠬᠢᠶᠠᠭᠳᠠᠭᠰᠠᠳ》 ᠤᠨ ᠲᠤᠭᠤᠷᠪᠢᠯ ᠠᠵᠢᠯᠯᠠᠭ᠎ᠠ ᠨᠢ ᠲᠤᠭᠲᠠᠭᠰᠠᠨ ᠦᠷ ᠡ ᠠᠰᠢᠭᠯᠠᠮᠵᠢ ᠳ᠋ᠤ ᠬᠦᠷᠬᠦ ᠦᠶ ᠡ ᠳ᠋ᠤ ᠲᠡᠭᠦᠨ ᠲᠠᠢ ᠬᠠᠷᠠᠭᠠᠯᠵᠠᠬᠤ ᠬᠡᠯᠡᠨ ᠤ ᠬᠡᠯᠪᠡᠷᠢ ᠪᠠ ᠬᠠᠭᠤᠳᠠᠰᠤ ᠬᠡᠮ ᠵᠢᠴᠢ ᠪᠦᠲᠦᠴᠡ ᠪᠠᠢᠭᠤᠯᠤᠯᠲᠠ ᠵᠡᠷᠭᠡ ᠵᠢ ᠠᠪᠬᠤ ᠭᠡᠷᠡᠭᠲᠡᠢ ᠪᠣᠯᠳᠠᠭ᠃ ᠡᠨᠡ ᠨᠢ ᠤᠷᠠᠨ ᠵᠣᠬᠢᠶᠠᠯ ᠤᠨ ᠲᠦᠷᠦᠯ ᠢᠯᠭᠠᠮᠵᠢ ᠵᠢ ᠡᠳᠦᠵᠦ ᠲᠠᠷᠤᠢ ᠣᠨᠴᠠᠯᠢᠭ ᠰᠢᠯᠵᠢ ᠶᠢᠨ ᠢᠯᠭᠠᠷᠠᠯ ᠲᠠᠢ ᠤᠷᠠᠨ ᠵᠣᠬᠢᠶᠠᠯ ᠤᠨ ᠲᠢᠭ ᠮᠠᠶᠢᠭ ᠢᠬᠦᠪᠦᠷᠡᠭᠦᠯᠳᠡᠭ᠃ ᠤᠷᠠᠨ ᠵᠣᠬᠢᠶᠠᠯ ᠤᠨ ᠲᠢᠭ ᠮᠠᠶᠢᠭ ᠨᠢ ᠵᠣᠬᠢᠶᠠᠭᠰᠠᠳ ᠤᠨ ᠤᠷᠠᠯᠢᠭ ᠤᠨ ᠠᠵᠢᠯᠯᠠᠭ᠎ᠠ ᠶᠢᠨ ᠡᠬᠢᠴᠡ ᠲᠠᠢ ᠪᠡᠷ ᠪᠦᠷᠢᠯᠳᠦᠨ ᠭᠦᠭᠵᠢᠵᠦ᠂ ᠵᠣᠬᠢᠶᠠᠨ ᠪᠦᠲᠦᠭᠡᠯ ᠤᠨ ᠤᠳᠬ ᠠ ᠰᠠᠨᠠᠭ᠎ᠠ ᠠᠭᠤᠯᠭ᠎ᠠ ᠲᠠᠢ ᠠᠳᠠᠯᠢ ᠪᠡᠷ ᠨᠡᠢᠭᠡᠮ ᠲᠡᠦᠬᠡ ᠶᠢᠨ ᠬᠢᠵᠡᠭᠠᠷᠯᠠᠯ ᠢ ᠬᠦᠯᠢᠶᠡᠵᠦ᠂ ᠮᠦᠨ ᠬᠡᠯᠡᠨ ᠤ ᠬᠡᠭᠵᠢᠯ ᠪᠠᠶᠠᠯᠢᠭᠵᠢᠯ᠂ᠵᠣᠬᠢᠶᠠᠭᠰᠠᠳ ᠤᠨ ᠲᠤᠭᠤᠷᠪᠢᠯ ᠮᠡᠷᠭᠡᠰᠢᠯ ᠵᠡᠷᠭᠡ ᠤᠯᠠᠨ ᠲᠠᠯ ᠠ ᠶᠢᠨ ᠡᠯᠸᠮᠧᠨ᠋ᠲ ᠤᠨ ᠨᠦᠯᠦᠭᠡ ᠵᠢ ᠬᠦᠯᠢᠶᠡᠳᠡᠭ᠃ |