论文信息


题名 ᠢᠨᠵᠠᠨᠨᠠᠰᠢ ᠶᠢᠨ ᠰᠤᠷᠭᠠᠨ ᠬᠦᠮᠦᠵᠢᠯ ᠤᠨ ᠦᠵᠡᠯ ᠰᠠᠨᠠᠭᠠᠨ ᠤ ᠠᠩᠬᠠᠨ ᠤ ᠰᠢᠨᠵᠢᠯᠡᠭᠡ
作者 ᠰᠣᠳᠤᠪᠢᠯᠢᠭ᠌
关键词 ᠢᠨᠵᠠᠨᠨᠠᠰᠢ;ᠰᠤᠷᠭᠠᠨ ᠬᠦᠮᠦᠵᠢᠯ ;ᠦᠵᠡᠯ ᠰᠠᠨᠠᠭ᠎ᠠ
摘要 ᠤᠢᠷ ᠠ ᠦᠶᠡ ᠶᠢᠨ ᠮᠣᠩᠭᠤᠯ ᠤᠷᠠᠨ ᠵᠣᠬᠢᠶᠠᠯ ᠤᠨ ᠲᠡᠦᠬᠡᠨ ᠲᠡᠭᠡᠷ ᠡ᠂ ᠤᠶᠤᠨ ᠪᠢᠯᠢᠭ ᠤᠨ ᠤᠴᠢ ᠬᠢᠯᠪᠠᠭ᠎ᠠ ᠪᠠᠨ ᠣᠳᠤᠨ ᠮᠡᠳᠦ ᠰᠠᠴᠤᠷᠠᠭᠤᠯᠤᠭᠰᠠᠨ ᠭᠠᠷᠮᠠᠭᠠᠢ ᠵᠣᠬᠢᠶᠠᠯᠴᠢ᠂ ᠶᠡᠬᠡ ᠪᠣᠳᠤᠯᠭᠠᠲᠠᠨ ᠢᠨᠵᠠᠨᠨᠠᠰᠢ ᠶᠢᠨ ᠦᠵᠡᠯ ᠰᠠᠨᠠᠭ᠎ᠠ ᠵᠢ ᠬᠦᠮᠦᠰ ᠶᠡᠬᠡᠪᠡᠷ ᠰᠣᠳᠤᠯᠵᠠᠭᠠᠵᠤ᠂ ᠪᠠᠶᠠᠷᠯᠠᠭᠤᠰᠢᠲᠠᠢ ᠠᠮᠵᠢᠯᠲᠠ ᠪᠦᠲᠦᠭᠡᠯ ᠤᠯᠵᠤ ᠪᠤᠢ᠃ ᠭᠡᠪᠡᠴᠦ ᠮᠢᠨᠦ ᠤᠢᠯᠠᠭᠠᠭᠰᠠᠨ ᠢᠢᠡᠷ ᠢᠨᠵᠠᠨᠨᠠᠰᠢ ᠶᠢᠨ ᠰᠤᠷᠭᠠᠨ ᠨᠬᠦᠮᠦᠵᠢᠯ ᠤᠨ ᠦᠵᠡᠯ ᠰᠠᠨᠠᠭ᠎ᠠ ᠵᠢ ᠡᠳᠦᠭᠡ ᠲᠤᠯᠳᠠᠯ ᠠ ᠰᠢᠰᠲ᠋ᠸᠮ ᠲᠠᠢ ᠰᠣᠳᠤᠯᠵᠤ ᠰᠢᠨᠵᠢᠯᠡᠭᠰᠡᠨ ᠵᠦᠢᠯ ᠭᠠᠷᠤᠭᠠᠲᠤᠢ᠃ ᠮᠢᠨᠦ ᠬᠦᠢᠭᠡᠨ ᠰᠢᠨᠵᠢᠯᠡᠭᠡᠨ ᠡᠴᠡ ᠦᠵᠡᠪᠡᠯ ᠢᠨᠵᠠᠨᠨᠠᠰᠢ ᠪᠤᠷᠤᠭᠵᠢᠭᠤᠨ ᠪᠣᠳᠠᠰᠴᠢ ᠦᠵᠡᠯ ᠬᠢᠭᠡᠳ ᠬᠤᠪᠢᠰᠤᠩᠭᠤᠢ ᠠᠷᠭ᠎ᠠ ᠶᠢᠨ ᠦᠵᠡᠯᠲᠡ ᠪᠡᠷ ᠦᠨᠳᠦᠰᠦᠯᠡᠯ ᠪᠣᠯᠭᠠᠵᠤ᠂ ᠦᠨᠳᠦᠰᠦᠲᠡᠨ ᠤ ᠰᠤᠷᠭᠠᠨ ᠬᠦᠮᠦᠵᠢᠯ ᠤᠨ ᠦᠷᠨᠢᠯ ᠬᠦᠭᠵᠢᠯ ᠤᠨ ᠲᠣᠬᠠᠢ; ᠰᠤᠷᠭᠠᠨ ᠬᠦᠮᠦᠵᠢᠯ ᠤᠨ ᠵᠣᠷᠢᠯᠭ᠎ᠠ ᠬᠢᠭᠡᠳ ᠠᠭᠤᠯᠭ᠎ᠠ ᠶᠢᠨ ᠲᠣᠬᠠᠢ; ᠭᠡᠷ ᠪᠦᠯᠢ ᠶᠢᠨ ᠰᠤᠷᠭᠠᠨ ᠬᠦᠮᠦᠵᠢᠯ ᠤᠨ ᠲᠣᠬᠠᠢ; ᠣᠷᠴᠢᠨ ᠲᠤᠭᠤᠷᠢᠨ᠂ ᠰᠤᠷᠭᠠᠨ ᠬᠦᠮᠦᠵᠢᠯ ᠡᠴᠡ ᠬᠡᠦᠭᠡᠳ ᠤᠨ ᠭᠦᠭᠵᠢᠯᠲᠡ ᠳ᠋ᠤ ᠦᠵᠡᠬᠦᠯᠬᠦ ᠨᠦᠯᠦᠭᠡ ᠪᠠ ᠦᠢᠯᠡᠳᠦᠯ ᠤᠨ ᠲᠣᠬᠠᠢ; ᠬᠡᠦᠭᠡᠳ ᠪᠠᠭᠠᠴᠤᠳ ᠤᠨ ᠦᠪᠡᠷᠮᠢᠴᠡ ᠣᠨᠴᠠᠯᠢᠭ ᠡᠴᠡ ᠡᠭᠦᠰᠦᠨ ᠴᠢᠳᠠᠪᠤᠷᠢ ᠳ᠋ᠤᠨᠢ ᠲᠣᠬᠢᠷᠠᠭᠤᠯᠤᠨ ᠰᠤᠷᠭᠠᠨ ᠬᠦᠮᠦᠵᠢᠬᠦᠯᠬᠦ ᠲᠣᠬᠠᠢ; ᠰᠤᠷᠤᠯᠴᠠᠬᠤ ᠤᠭ ᠰᠠᠨᠠᠭ᠎ᠠ ᠪᠣᠯᠤᠨ ᠰᠤᠷᠤᠯᠴᠠᠬᠤ ᠤᠪᠤᠷ ᠰᠤᠷᠲᠠᠯ ᠤᠨ ᠲᠣᠬᠠᠢ; ᠬᠡᠦᠭᠡᠳ ᠪᠠᠭᠠᠴᠤᠳ ᠤᠨ ᠤᠶᠤᠨ ᠴᠢᠳᠠᠪᠤᠷᠢ ᠵᠢ ᠬᠦᠭᠵᠢᠬᠦᠯᠬᠦ ᠲᠣᠬᠠᠢ ᠪᠦᠷ ᠨᠣᠯᠢᠶᠡᠳ ᠵᠠᠳᠠᠯᠤᠯᠤᠲᠠ ᠰᠢᠨᠵᠢᠯᠡᠯᠲᠡ ᠪᠠ ᠬᠦᠨ ᠬᠦᠨᠵᠡᠭᠡᠢ ᠲᠤᠳᠤᠷᠬᠠᠢᠯᠠᠯᠲᠠ ᠬᠢᠭᠰᠡᠨ ᠪᠠᠢᠳᠠᠭ᠃ ᠢᠨᠵᠠᠨᠨᠠᠰᠢ ᠰᠢᠭᠤᠳ ᠪᠣᠶᠤ ᠲᠠᠮ ᠢᠢᠡᠷ ᠤᠷᠠᠨ ᠲᠦᠷᠰᠦᠯᠡᠯ ᠤᠨ ᠠᠷᠭ᠎ᠠ ᠪᠡᠷ ᠲᠠᠮᠵᠢᠭᠤᠯᠤᠨ᠂ ᠦᠪᠡᠷ ᠤᠨ ᠭᠤᠤᠯ ᠦᠵᠡᠯ ᠰᠠᠨᠠᠭ᠎ᠠ ᠪᠠᠨ ᠬᠠᠪᠤᠯᠢᠭ ᠰᠠᠢᠬᠠᠨ ᠢᠯᠡᠳᠭᠡᠭᠰᠡᠨ ᠪᠠᠢᠳᠠᠭ᠃
原文 没有原文
出自 内蒙古师范大学学报 1987年 第4期

联系我们


内蒙古大学图书馆
呼和浩特市大学西路235号
中国·内蒙古
P: (0471) 4992561
E: huangfeilong@imu.edu.cn