题名 |
ᠯᠠᠮᠠ ᠵᠣᠬᠢᠶᠠᠯᠴᠢᠳ ᠤᠨ ᠠᠮᠢᠳᠤᠷᠠᠬᠤᠢ ᠣᠪᠤᠷ - ᠲᠣᠭᠣᠰᠤᠲᠤ ᠶᠢᠷᠲᠢᠨᠴᠣ ᠬᠢᠭᠡᠳ ᠠᠷᠢᠯᠤᠭᠰᠠᠨ ᠣᠷᠤᠨ - ᠶᠢᠷᠲᠢᠨᠴᠣ ᠡᠴᠡ ᠲᠤᠨᠢᠯᠭᠠᠬᠤᠢ ᠨᠣᠮᠯᠠᠯ ᠬᠢᠭᠡᠳ ᠯᠠᠮᠠ ᠶᠢᠨ ᠲᠣᠭᠤᠷᠪᠢᠯ ᠤᠨ ᠦᠷᠳᠡᠭ ᠦᠨ ᠬᠠᠨᠳᠤᠯᠭ᠎ᠠ |
作者 |
ᠲᠣᠷᠤᠨᠠᠲ᠋ᠡᠭᠷᠢ |
关键词 |
ᠯᠠᠮᠠ ᠵᠣᠬᠢᠶᠠᠯᠴᠢᠳ; ᠪᠣᠷᠬᠠᠨ ᠤ ᠱᠠᠰᠢᠨ; ᠠᠷᠢᠯᠤᠭᠰᠠᠨ ᠣᠷᠤᠨ |
摘要 |
ᠯᠠᠮᠠ ᠵᠣᠬᠢᠶᠠᠯᠴᠢᠳ ᠪᠣᠯ ᠲᠣᠭᠤᠰᠤᠲᠤ ᠶᠢᠷᠲᠢᠨᠴᠣ ᠬᠢᠭᠡᠳ ᠠᠷᠢᠯᠤᠭᠰᠠᠨ ᠣᠷᠤᠨ ᠤ ᠬᠣᠭᠣᠷᠣᠨᠳᠣ ᠶᠢᠨ ᠵᠣᠷᠴᠢᠭᠴᠢ ᠮᠦᠨ᠃ ᠮᠠᠬᠠᠪᠤᠳ ᠪᠡᠶ᠎ᠡ ᠨᠢ ᠲᠣᠭᠤᠰᠤᠲᠤ ᠶᠢᠷᠲᠢᠨᠴᠣ ᠶᠢᠨ ᠬᠢ ᠪᠣᠯᠪᠠᠴᠣ ᠤᠶᠤᠨ ᠰᠦᠨᠡᠰᠦ ᠨᠢ ᠠᠷᠢᠯᠤᠭᠰᠠᠨ ᠣᠷᠤᠨ ᠤ ᠬᠢ ᠪᠠᠢ᠌ᠳᠠᠭ᠃ ᠲᠣᠭᠤᠰᠤᠲᠤ ᠶᠢᠷᠲᠢᠨᠴᠣ ᠶᠢ ᠲᠠᠪᠴᠢᠨ ᠠᠷᠢᠯᠤᠭᠰᠠᠨ ᠣᠷᠤᠨ ᠢ ᠮᠦᠷᠦᠭᠡᠳᠬᠦ ᠨᠢ ᠯᠠᠮᠠ ᠵᠣᠬᠢᠶᠠᠯᠴᠢᠳ ᠤᠨ ᠠᠮᠢᠳᠤᠷᠠᠬᠤᠢ ᠣᠪᠤᠷ ᠮᠦᠨ᠃ ᠪᠣᠷᠬᠠᠨ ᠤ ᠱᠠᠰᠢᠨ ᠢ ᠳᠡᠯᠭᠡᠷᠡᠭᠦᠯᠬᠦ᠂ ᠪᠣᠷᠬᠠᠨ ᠤ ᠰᠤᠷᠭᠠᠯ ᠢᠶᠡᠷ ᠠᠮᠢᠲᠠᠨ ᠵᠢᠷᠭᠤᠭᠠᠨ ᠵᠦᠢᠯ ᠢ ᠵᠣᠪᠠᠯᠠᠩ ᠤᠨ ᠳᠠᠯᠠᠢ ᠡᠴᠡ ᠳᠣᠨᠢᠯᠭᠠᠬᠤ᠂ ᠨᠢᠭᠦᠯ ᠢ ᠳᠡᠪᠴᠢᠵᠦ ᠪᠣᠶᠠᠨ ᠬᠤᠷᠢᠶᠠᠬᠤ᠂ ᠪᠣᠷᠬᠠᠨ ᠤ ᠬᠤᠲᠤᠭ ᠢ ᠣᠯᠬᠤ ᠭᠡᠬᠦ ᠮᠡᠲᠦ ᠶᠢᠨ ᠤᠷᠢᠳᠴᠢᠯᠠᠭᠰᠠᠨ ᠦᠷᠳᠡᠭ ᠦᠨ ᠲᠦᠰᠦᠭᠯᠡᠯ ᠨᠢ ᠯᠠᠮᠠ ᠶᠢᠨ ᠲᠣᠭᠤᠷᠪᠢᠯ ᠤᠨ ᠤᠳᠬ᠎ᠠ ᠰᠠᠨᠠᠭ᠎ᠠ ᠶᠢᠨ ᠬᠠᠨᠳᠤᠯᠭ᠎ᠠ ᠶᠢ ᠰᠢ᠌ᠳᠪᠦᠷᠢᠯᠡᠭᠰᠡᠨ ᠪᠠᠢ᠌ᠵᠠᠢ᠃ ᠪᠣᠷᠬᠠᠨ ᠤ ᠱᠠᠰᠢᠨ ᠤ ᠬᠦᠴᠦᠲᠡᠢ ᠳᠡᠯᠭᠡᠷᠡᠯᠲᠡ ᠶᠢᠨ ᠦᠶ᠎ᠡ ᠰᠥ ᠯᠠᠮᠠ ᠶᠢᠨ ᠲᠣᠭᠤᠷᠪᠢᠯ ᠨᠢ ᠦᠨᠳᠦᠰᠦᠨ ᠳᠡᠭᠡᠨ ᠠᠮᠢᠲᠠᠨ ᠵᠢᠷᠭᠤᠭᠠᠨ ᠵᠦᠢᠯ ᠢ ᠶᠢᠷᠲᠢᠨᠴᠣ ᠡᠴᠡ ᠲᠣᠨᠢᠯᠭᠠᠬᠤ ᠰᠤᠷᠭᠠᠯ ᠢ ᠤᠬᠠᠭᠤᠯᠵᠤ ᠪᠠᠢ᠌ᠭᠰᠠᠨ ᠭᠡᠵᠦ ᠵᠣᠬᠢᠶᠠᠯ ᠳᠤ ᠪᠢᠴᠢᠵᠡᠢ᠃ |
原文 |
查看原文
|
出自 |
内蒙古民族大学学报(社会科学)
2007年
第3期
|