题名 |
ᠰᠢᠷ᠎ᠠ ᠤᠰᠤᠨ ᠤ ᠡᠷᠡᠭᠦᠯ ᠤᠨ ᠦᠢᠯᠡ ᠵᠢᠴᠢ ᠰᠢᠷ᠎ᠠ ᠤᠰᠤᠨ ᠡᠪᠡᠳᠴᠢᠨ ᠢ ᠠᠨᠠᠭᠠᠨᠤ ᠡᠮ ᠤᠨ ᠴᠢᠬᠤᠯᠠ ᠴᠢᠨᠠᠷ ᠤᠨ ᠳᠤᠬᠠᠢ |
作者 |
ᠪᠠᠢ ᠮᠸᠢ ᠿᠦᠩ; ᠪᠠᠭᠠᠨ᠎ᠠ |
关键词 |
ᠮᠤᠩ᠌ᠭᠤᠯ ᠠᠨᠠᠭᠠᠬᠤ ᠤᠬᠠᠭᠠᠨ; ᠰᠢᠷ᠎ᠠ ᠤᠰᠤ; ᠡᠮᠳᠤ ᠪᠤᠳᠠᠰ;ᠤᠨᠤᠯ ᠰᠢᠨᠵᠢᠯᠡᠯ |
摘要 |
ᠰᠢᠷ ᠠ ᠤᠰᠤ ᠪᠤᠯ ᠬᠦᠮᠦᠨ ᠤ ᠪᠡᠶ ᠡ ᠳᠤ ᠨᠠᠢ᠌ᠳᠠᠮ ᠤᠷᠤᠰᠢᠵᠤ ᠪᠠᠢ᠌ᠭ᠎ᠠ ᠨᠢᠭᠡ ᠵᠦᠢᠯ ᠤᠨ ᠳᠤᠳᠠᠭᠳᠠᠵᠤ ᠪᠤᠯᠤᠰᠢ ᠦᠬᠡᠢ ᠰᠢᠩᠬᠡᠨ ᠪᠡᠶᠡᠳᠤ ᠪᠤᠯᠤᠨ᠎ᠠ᠃ ᠡᠨᠡ ᠨᠢ ᠳᠤᠯᠤᠭᠠᠨ ᠲᠠᠮᠢᠷ ᠤᠨ ᠨᠢᠭᠡ ᠪᠤᠯᠬᠤ ᠴᠢᠰᠤᠨ ᠤ ᠴᠦᠪ ᠤᠨ ᠲᠤᠩ᠌ᠭᠠᠯᠠᠭ ᠪᠤᠯᠬᠤ ᠲᠤᠯᠤ ᠮᠦᠨ ᠪᠡᠶ᠎ᠡ ᠶᠢᠨ ᠲᠠᠮᠢᠷ ᠤᠨ ᠬᠡᠪᠴᠢᠶᠠᠨ ᠳᠤ ᠪᠠᠭᠳᠠᠨ᠎ᠠ᠃ ᠰᠢᠷ᠎ᠠ ᠤᠰᠤ ᠨᠢ ᠬᠠᠷ᠎ᠠ ᠴᠠᠭᠠᠨ ᠰᠤᠳᠠᠯ ᠲᠠᠢ ᠠᠳᠠᠯᠢ ᠬᠦᠮᠦᠨ ᠤ ᠪᠡᠶ᠎ᠠ ᠳᠤ ᠴᠢᠬᠤᠯᠠ ᠦᠢᠯᠡᠳᠤᠯ ᠦᠵᠡᠭᠦᠯᠵᠤ ᠪᠠᠢ᠌ᠳᠠᠭ᠃ ᠭᠤᠷᠪᠠᠨ ᠮᠠᠬᠠᠪᠤᠳ ᠤᠨ ᠬᠢᠮᠤᠷᠠᠯ ᠵᠢᠴᠢ ᠴᠤᠯᠤ ᠰᠠᠪᠠ ᠶᠢᠨ ᠡᠪᠡᠳᠴᠢᠨ ᠨᠢ ᠰᠢᠷ ᠠ ᠤᠰᠤᠨ ᠤ ᠡᠷᠡᠭᠦᠯ ᠤᠨ ᠤᠷᠤᠰᠢᠯᠳᠠ ᠪᠤᠯᠪᠠᠰᠤᠷᠠᠯᠳᠠ ᠵᠢᠴᠢ ᠦᠢᠯᠡ ᠠᠵᠢᠯᠯᠠᠭ᠎ᠠ ᠵᠢ ᠠᠳᠠᠯᠢ ᠪᠤᠰᠤ ᠬᠡᠮᠵᠢᠶ᠎ᠠ ᠪᠡᠷ ᠨᠦᠯᠦᠭᠡᠯᠡᠬᠦ ᠪᠡᠷ ᠪᠠᠷᠠᠬᠤ ᠦᠬᠡᠢ᠂ ᠰᠢᠷ᠎ᠠ ᠤᠰᠤᠨ ᠤ ᠤᠷᠪᠠᠯᠳᠠ ᠨᠢ ᠴᠤ ᠪᠡᠶ᠎ᠠ ᠶᠢᠨ ᠡᠷᠡᠭᠦᠯ ᠤᠷᠤᠰᠢᠯᠳᠠ ᠵᠢ ᠨᠦᠯᠦᠭᠡᠯᠡᠵᠤ ᠭᠤᠷᠪᠠᠨ ᠮᠠᠬᠠᠪᠤᠳ ᠤᠨ ᠬᠢᠮᠤᠷᠠᠯ ᠢ ᠡᠭᠦᠰᠭᠡᠳᠡᠭ᠃ ᠡᠢ᠌ᠮᠤ ᠡᠴᠡ ᠰᠢᠷ᠎ᠠ ᠤᠰᠤ ᠵᠢ ᠬᠠᠳᠠᠭᠠᠬᠤ ᠡᠮ ᠢ ᠴᠢᠬᠤᠯᠠᠴᠢᠯᠠᠬᠤ ᠶᠢᠨ ᠬᠠᠮᠳᠤ ᠂ ᠰᠢᠷ᠎ᠠ ᠤᠰᠤ ᠵᠢ ᠲᠦᠯᠦᠵᠢᠬᠦᠯᠦᠨ᠂ ᠰᠢᠷ᠎ᠠ ᠤᠰᠤ ᠤ ᠤᠷᠪᠠᠯᠳᠠ ᠵᠢ ᠲᠡᠩᠴᠡᠭᠦᠷᠢ ᠳᠤᠨᠢ ᠤᠷᠤᠭᠤᠯᠬᠤ ᠴᠢᠳᠡᠯ ᠪᠦᠬᠦᠢ ᠠᠮᠢᠳᠤ ᠪᠤᠳᠠᠰ ᠢ ᠴᠢᠬᠤᠯᠠᠴᠢᠯᠠᠪᠠᠯ ᠵᠤᠬᠢᠨ᠎ᠠ᠃ |
原文 |
查看原文
|
出自 |
内蒙古民族大学学报(蒙医药学)
2005年
第1期
|