摘要 |
ᠮᠣᠩᠭᠤᠯᠴᠤᠳ ᠢ ᠪᠠᠭᠲᠠᠭᠠᠭᠰᠠᠨ ᠨᠡᠭᠦᠳᠡᠯᠴᠢᠨ ᠦᠨᠳᠦᠰᠦᠲᠡᠨ ᠤ ᠠᠵᠤ ᠠᠬᠤᠢ ᠵᠢ ᠨᠤᠲᠤᠭ ᠪᠠ ᠨᠡᠭᠦᠳᠡᠯ ᠭᠡᠭᠴᠢ ᠬᠣᠶᠠᠷᠬᠠᠨ ᠦᠭᠡ ᠪᠡᠷ ᠬᠤᠷᠶᠶᠠᠩᠭᠤᠢᠯᠠᠵᠤ ᠪᠣᠯᠤᠮᠠᠷ᠃ᠨᠤᠲᠤᠭ ᠭᠡᠪᠡᠯ ᠭᠠᠠᠵᠷ ᠰᠢᠷᠤᠢ ᠵᠢ ᠵᠢᠭᠠᠵᠤ᠂ᠨᠡᠭᠦᠳᠡᠯ ᠭᠡᠪᠡᠯ ᠭᠠᠵᠠ ᠰᠢᠷᠤᠢ ᠪᠡᠯᠴᠢᠭᠡᠷ ᠢ ᠠᠰᠢᠭᠯᠠᠬᠤ ᠬᠡᠯᠪᠡᠷᠢ ᠪᠣᠯᠤᠨ᠎ᠠ᠃ ᠤᠷᠭᠤᠮᠤᠯ ᠤᠨᠪᠦᠷᠬᠦᠴᠡ ᠰᠡᠢᠷᠡᠭ᠂ ᠤᠰᠤ ᠤᠷᠤᠰᠬᠠᠯ ᠴᠦᠬᠡᠨ᠂ᠤᠷᠢᠬᠠᠨ ᠤᠯᠠᠷᠢᠯ ᠤᠬᠤᠷ᠂ ᠣᠨᠵᠢᠷᠠᠬᠤ ᠬᠦᠢᠲᠡᠨ ᠤᠷᠲᠤ ᠪᠠᠢᠭ᠎ᠠ ᠪᠡᠯᠴᠢᠭᠡᠷ ᠨᠤᠲᠤᠭ ᠢ ᠠᠰᠢᠭᠯᠠᠬᠤ ᠬᠠᠮᠤᠭ ᠲᠣᠬᠢᠷᠠᠮᠵᠢᠲᠠᠢ᠂ ᠬᠠᠮᠤᠭ ᠭᠠᠮᠲᠠᠢ ᠠᠷᠭ᠎ᠠ ᠪᠠᠷᠢᠯ ᠨᠢ ᠨᠡᠭᠦᠳᠡᠯ ᠪᠠᠢᠵᠤ ᠦᠩᠭᠡᠷᠡᠭᠰᠡᠨ ᠲᠤᠯᠠ ᠦᠪᠡᠷᠮᠢᠴᠡ ᠣᠨᠴᠠᠯᠢᠭ ᠪᠦᠬᠦᠢ ᠨᠡᠭᠦᠳᠡᠯ ᠠᠵᠤ ᠠᠬᠤᠢ᠂ ᠨᠡᠭᠦᠳᠡᠯ ᠰᠣᠶᠣᠯ ᠭᠡᠵᠦ ᠣᠷᠤᠰᠢᠵᠤ ᠪᠠᠢᠭᠰᠠᠨ ᠪᠦᠭᠡᠳ ᠣᠳᠣ ᠬᠣᠢᠰᠢᠲᠠ ᠪᠠᠨ ᠴᠦ ᠦᠷᠬᠦᠯᠵᠢᠯᠡᠨ ᠣᠷᠤᠰᠢᠬᠤ ᠶᠣᠮ᠃ |