摘要 |
ᠥᠭᠥᠯᠡᠯ ᠳᠤ ᠬᠤᠷᠠᠯ ᠬᠡᠭᠦ ᠤᠨᠴᠠᠭᠠᠢ ᠴᠠᠭ᠌ ᠬᠠᠷᠠᠭ᠎ᠠ ᠡᠴᠡ 《17 ᠵᠢᠯ》᠋ ᠤᠨ ᠮᠣᠩᠭᠣᠯ ᠤᠳᠬ ᠠ ᠬᠤᠬᠢᠶᠠᠯ ᠤᠨ ᠲᠤᠬᠠᠢ ᠠᠵᠢᠭᠯᠠᠯᠲᠠ ᠬᠢᠪᠡ᠃ ᠵᠤᠬᠢᠶᠠᠭᠴᠢ ᠶᠢᠨ ᠠᠵᠢᠭᠯᠠᠭᠰᠠᠨ ᠶᠢᠨᠷ᠂ ᠬᠤᠷᠠᠯ ᠨᠢ ᠲᠤᠬᠠᠢ ᠶᠢᠨ ᠦᠶ ᠡ ᠶᠢᠨ ᠤᠳᠬ᠎ᠠ ᠵᠤᠬᠢᠶᠠᠯ ᠤᠨ ᠬᠠᠨᠳᠤᠰᠢ ᠴᠢᠭᠯᠡᠯ ᠢ ᠲᠤᠭᠳᠠᠭᠠᠬᠤ᠂ ᠵᠤᠬᠢᠶᠠᠯᠴᠢᠳ ᠢ ᠵᠤᠬᠢᠶᠠᠨ ᠪᠠᠢ᠌ᠭᠤᠯᠬᠤ ᠪᠠ ᠬᠦᠮᠦᠵᠢᠬᠦᠯᠬᠦ ᠴᠢᠬᠤᠯᠠ ᠠᠷᠭ᠎ᠠ ᠬᠡᠯᠪᠡᠷᠢ ᠪᠠᠢᠭᠰᠠᠨ ᠪᠦᠭᠡᠳ ᠪᠠᠰᠠ ᠰᠢᠭᠤᠳ ᠵᠤᠬᠢᠶᠠᠨ ᠪᠦᠳᠦᠭᠡᠬᠦ ᠶᠠᠪᠤᠴᠠ ᠳᠤ ᠤᠷᠤᠯᠴᠠᠵᠤ ᠵᠤᠬᠢᠶᠠᠭᠴᠢᠳ ᠤᠨ ᠰᠡᠳᠬᠢᠬᠦᠢ ᠶᠢ ᠡᠵᠡᠮᠳᠡᠵᠦ ᠪᠠᠢ᠌ᠭᠰᠠᠨ ᠪᠠᠢ᠌ᠨ᠎ᠠ᠃ ᠥᠭᠥᠯᠡᠯ ᠳᠤ ᠂ ᠬᠤᠷᠠᠯ ᠨᠢ ᠵᠤᠬᠢᠶᠠᠯᠴᠢᠳ ᠪᠠ ᠵᠤᠬᠢᠶᠠᠯ ᠪᠦᠳᠦᠬᠡᠬᠦ ᠋ ᠢ ᠬᠡᠷᠬᠢᠨ ᠨᠦᠯᠦᠬᠡᠯᠡᠵᠦ᠂ ᠬᠡᠷᠬᠢᠨ ᠢᠯᠡᠷᠡᠯ ᠶᠢᠨᠨ ᠤᠯᠵᠤ ᠪᠠᠢ᠌ᠭᠰᠠᠨ ᠵᠢᠴᠢ ᠡᠭᠦᠨ ᠡᠴᠡ ᠪᠤᠯᠵᠤ ᠶᠠᠮᠠᠷ ᠦᠷ ᠡ ᠳ᠋ᠦᠩ ᠳᠤ ᠬᠦᠷᠳᠡᠭᠰᠡᠨ ᠲᠤᠬᠠᠢ ᠪᠤᠳᠠᠲᠠᠢ ᠵᠠᠳᠠᠯᠤᠭᠰᠠᠨ ᠪᠠᠢ᠌ᠨ᠎ᠠ᠃ |