题名 |
《ᠲᠤᠯᠤᠭ᠋ ᠠ 》 ᠪᠠ 《ᠲᠠᠯ᠎ᠠ》 ᠶᠢᠨ ᠪᠡᠯᠭᠡᠳᠡᠯ ᠡᠴᠡ ᠮᠣᠩᠭᠤᠯᠴᠤᠳ ᠤᠨ ᠰᠣᠶᠣᠯ ᠰᠡᠳᠬᠢᠬᠦᠢ ᠶᠢᠨ ᠣᠨᠴᠠᠯᠢᠭ ᠢ ᠠᠵᠢᠭᠯᠠᠬᠤ ᠨᠢ |
作者 |
ᠰᠢᠶᠠᠩ ᠴᠢᠨ; ᠪᠠᠭᠠᠲᠤᠷ |
关键词 |
ᠲᠤᠯᠤᠭ᠋ ᠠ; ᠲᠠᠯ᠎ᠠ; ᠪᠡᠯᠭᠡᠳᠡᠯ; ᠰᠡᠳᠬᠢᠬᠦᠢ |
摘要 |
ᠮᠣᠩᠭ᠋ᠤᠯᠴᠤᠳ ᠪᠣᠯ ᠦᠨᠢᠷ ᠪᠠᠶᠠᠯᠢᠭ ᠲᠤᠮᠳᠠᠭ᠌ ᠤᠨ ᠰᠣᠶᠣᠯ ᠲᠠᠢ ᠦᠨᠳᠦᠰᠦᠲᠡᠨ ᠶᠣᠮ᠃ ᠲᠡᠮᠳᠡᠭ ᠤᠨ ᠰᠣᠶᠣᠯ ᠨᠢ ᠮᠣᠩᠭ᠋ᠤᠯᠴᠤᠳ ᠤᠨ ᠪᠡᠯᠭᠡᠳᠡᠯ ᠰᠡᠳᠬᠢᠬᠦᠢ ᠲᠠᠢ ᠨᠢᠭ᠋ᠲᠠ ᠬᠠᠷᠢᠴᠠᠭ᠋ ᠠ ᠲᠠᠢ ᠪᠠᠢᠢᠳᠠᠭ᠃ ᠮᠣᠩᠭ᠋ᠤᠯ ᠬᠡᠯᠡᠨ ᠤ ᠲᠡᠮᠳᠡᠭ ᠤᠨ ᠰᠣᠶᠣᠯ ᠤᠨ ᠨᠢᠭᠡᠨ ᠪᠦᠷᠢᠯᠳᠦᠭᠦᠨ ᠪᠣᠯᠬᠤ ᠲᠣᠭᠠᠨ ᠤ ᠦᠭᠡ ᠨᠢ ᠵᠦᠪᠬᠡᠨ ᠶᠠᠭᠤᠮ ᠠ ᠬᠡᠷᠡᠭ ᠤᠨ ᠲᠣᠭ᠋ ᠠ ᠬᠡᠮᠵᠢᠶ ᠡ᠂ ᠣᠯᠠᠨ ᠴᠦᠬᠡᠨ ᠢ ᠨᠡᠷᠡᠯᠡᠨ ᠵᠢᠭᠠᠬᠤ ᠲᠡᠳᠦᠢ ᠦᠭᠡᠢ᠂ᠨᠡᠩ ᠴᠢᠬᠤᠯᠨ ᠨᠢ ᠮᠣᠩᠭ᠋ᠤᠯᠴᠤᠳ ᠤᠨ ᠠᠵᠤ ᠠᠮᠢᠳᠤᠷᠠᠯ ᠲᠠᠢ ᠨᠢᠭ᠍᠋ᠲᠠ ᠤᠶᠠᠯᠳᠤᠨ᠂ ᠮᠣᠩᠭ᠋ᠤᠯᠴᠤᠳ ᠤᠨ ᠪᠣᠳᠤᠵᠦ ᠰᠡᠳᠬᠢᠬᠦᠢ ᠶᠢᠨ ᠠᠷᠭ᠋ ᠠ ᠬᠡᠯᠪᠡᠷᠢ᠂ ᠠᠵᠤ ᠲᠦᠷᠦᠭᠦᠢ ᠶᠢᠨ ᠶᠣᠰᠤ ᠵᠢᠷᠤᠮ ᠪᠣᠯᠤᠨ ᠰᠣᠶᠣᠯ ᠢᠷᠭᠡᠨᠰᠢᠯ ᠤᠨ ᠡᠯ ᠠ ᠲᠠᠯ ᠠ ᠳ᠋ᠤ ᠨᠡᠪᠲᠡᠷᠡᠨ ᠰᠢᠩᠭᠡᠵᠦ᠂ ᠲᠤᠩ ᠶᠡᠬᠡ ᠨᠦᠯᠦᠭᠡ ᠲᠤᠰᠬᠠᠯ ᠲᠠᠢ ᠶᠣᠮ᠃ ᠲᠤᠰ ᠦᠭᠦᠯᠡᠯ ᠳᠤ ᠭᠤᠤᠯᠳᠠᠭᠤ 《ᠲᠤᠯᠤᠭ᠋ ᠠ 》 ᠪᠠ 《ᠲᠠᠯ᠎ᠠ》 ᠶᠢᠨ ᠪᠡᠯᠭᠡᠳᠡᠯ ᠡᠴᠡ ᠮᠣᠩᠭ᠋ᠤᠯᠴᠤᠳ ᠤᠨ ᠰᠡᠳᠬᠢᠬᠦᠢ ᠵᠢ ᠠᠵᠢᠭᠯᠠᠬᠤ ᠪᠡᠷ ᠵᠣᠷᠢᠭᠰᠠᠨ ᠪᠠᠢᠢᠨ᠌ ᠠ᠃ |
原文 |
查看原文
|
出自 |
赤峰学院学报(蒙文哲学社会科学版)
2010年
第3期
|