题名 |
ᠲᠡᠭᠡᠳᠦ ᠮᠣᠩᠭ᠋ᠤᠯ ᠤᠨ ᠡᠷᠲᠡᠨ ᠤ ᠤᠷᠠᠨ ᠵᠣᠬᠢᠶᠠᠯ ᠤᠨ ᠭᠦᠭ᠍ᠵᠢᠯ ᠤᠨ ᠣᠨᠴᠠᠯᠢᠭ ᠢ ᠦᠭᠦᠯᠡᠬᠦ ᠨᠢ |
作者 |
ᠬᠦ᠂ᠴᠡᠷᠡᠩᠪᠡᠯ |
关键词 |
ᠲᠡᠭᠡᠳᠦ ᠮᠣᠩᠭ᠋ᠤᠯ; ᠡᠷᠲᠡᠨ ᠤ ᠤᠷᠠᠨ ᠵᠣᠬᠢᠶᠠᠯ; ᠬᠦᠭ᠍ᠵᠢᠯ |
摘要 |
ᠡᠳᠦᠭᠡ ᠶᠢᠨ ᠬᠦᠬᠡᠨᠠᠭᠤᠷ ᠲᠤ ᠰᠠᠭᠤᠭ᠋ ᠠ ᠲᠡᠭᠡᠳᠦ ᠮᠣᠩᠭ᠋ᠤᠯᠴᠤᠳ ᠬᠡᠳᠦᠨ ᠵᠠᠭᠤᠨ ᠵᠢᠯ ᠮᠣᠩᠭ᠋ᠤᠯ ᠦᠨᠳᠦᠰᠦᠲᠡᠨ ᠤ ᠭᠣᠣᠯ ᠴᠣᠭᠴᠠ ᠡᠴᠡ ᠬᠠᠷᠢᠴᠠᠩᠭ᠋ᠤᠢ ᠲᠠᠰᠠᠭᠠᠷᠯᠢᠭ ᠠᠮᠢᠳᠤᠷᠠᠨ ᠣᠷᠤᠰᠢᠵᠤ᠂ ᠬᠦᠬᠡᠨᠠᠭᠤᠷ ᠲᠦᠪᠡᠳ ᠤᠨ ᠦᠨᠳᠦᠷᠯᠢᠭ ᠤᠨ ᠡᠨᠡ ᠬᠦ ᠣᠨᠴᠠ ᠪᠠᠢᠢᠭᠠᠯᠢ ᠭᠠᠵᠠᠷ ᠵᠦᠢ ᠶᠢᠨ ᠣᠷᠴᠢᠨ ᠲᠤᠭᠤᠷᠢᠨ ᠪᠠ ᠨᠠᠢᠢᠭᠠᠮ ᠠᠬᠤᠢ ᠶᠢᠨ ᠣᠨᠴᠠᠭᠠᠢ ᠰᠣᠶᠣᠯ ᠤᠨ ᠠᠷᠤ ᠦᠵᠡᠭᠳᠡᠯ ᠲᠤᠤᠷ ᠠ ᠦᠪᠡᠷ ᠤᠨ ᠦᠨᠳᠦᠰᠦᠲᠡᠨ ᠤ ᠤᠯᠠᠮᠵᠢᠯᠠᠯᠲᠤ ᠰᠣᠶᠣᠯ ᠢᠢᠡᠨ ᠵᠠᠯᠭᠠᠮᠵᠢᠯᠠᠨ ᠬᠦᠭ᠍ᠵᠢᠬᠦᠯᠵᠦ ᠢᠷᠡᠭᠰᠡᠨ ᠲᠡᠳᠦᠢ ᠦᠭᠡᠢ᠂ ᠬᠦᠷᠰᠢ ᠵᠡᠷᠭᠡᠯᠡᠳᠡᠭᠡ ᠪᠣᠰᠤᠳ ᠦᠨᠳᠦᠰᠦᠲᠡᠨ ᠤ ᠨᠦᠯᠦᠭᠡ ᠲᠤᠰᠬᠠᠯ ᠢ ᠴᠦ ᠬᠦᠷᠲᠡᠵᠦ᠂ ᠦᠪᠡᠷ ᠤᠨ ᠣᠷᠤᠨ ᠨᠤᠲᠤᠭ ᠤᠨ ᠣᠨᠴᠠᠯᠢᠭ ᠲᠤ ᠲᠣᠬᠢᠷᠠᠭᠰᠠᠨ ᠦᠪᠡᠷᠮᠢᠴᠡ ᠣᠨᠴᠠᠯᠢᠭ ᠪᠦᠬᠦᠢ ᠰᠣᠶᠣᠯ ᠢᠢᠡᠨ ᠪᠦᠲᠦᠭᠡᠵᠦ᠂ ᠮᠣᠩᠭ᠋ᠤᠯ ᠦᠨᠳᠦᠰᠦᠲᠡᠨ ᠤ ᠰᠣᠶᠣᠯ ᠤᠨ ᠤᠯᠠᠨ ᠡᠰᠢᠲᠦ ᠠᠭᠤᠯᠤᠭᠳᠠᠬᠤᠨ ᠢ ᠪᠠᠶᠠᠯᠢᠭᠵᠢᠭᠤᠯᠤᠭᠰᠠᠭᠠᠷ ᠢᠷᠡᠵᠡᠢ᠃ ᠦᠭᠦᠯᠡᠯ ᠳᠤ᠂ ᠬᠦᠬᠡᠨᠠᠭᠤᠷ ᠤᠨ ᠲᠡᠭᠡᠳᠦ ᠮᠣᠩᠭ᠋ᠤᠯᠴᠤᠳ ᠤᠨ ᠲᠡᠦᠭᠡ ᠰᠣᠶᠣᠯ ᠤᠨ ᠪᠦᠷᠢᠯᠳᠦᠭᠰᠡᠨ ᠣᠨᠴᠠᠯᠢᠭ ᠡᠴᠡ ᠭᠠᠷᠳᠠᠨ᠂ ᠲᠡᠭᠡᠲᠦ ᠮᠣᠩᠭ᠋ᠤᠯ ᠤᠨ ᠡᠷᠲᠡᠨ ᠤ ᠰᠣᠶᠣᠯ ᠰᠣᠶᠣᠯ ᠤᠨ ᠴᠢᠬᠤᠯᠠ ᠪᠦᠷᠢᠯᠳᠦᠬᠦᠨ ᠬᠡᠰᠡᠭ ᠪᠣᠯᠬᠤ ᠡᠷᠲᠡᠨ ᠤ ᠮᠣᠩᠭ᠋ᠤᠯ ᠬᠡᠯᠡ ᠪᠢᠴᠢᠭ᠌ ᠤᠨ ᠤᠷᠠᠨ ᠵᠣᠬᠢᠶᠠᠯ᠂ ᠡᠷᠲᠡᠨ ᠤ ᠮᠣᠩᠭ᠋ᠤᠯ ᠠᠷᠠᠳ ᠤᠨ ᠠᠮᠠᠨ ᠵᠣᠬᠢᠶᠠᠯ ᠭᠡᠬᠦ ᠭᠤᠷᠪᠠᠨ ᠲᠠᠯ ᠠ ᠪᠡᠷ ᠲᠡᠬᠦᠨ ᠤ ᠬᠦᠭ᠍ᠵᠢᠯᠲᠡ ᠶᠢᠨ ᠣᠨᠴᠠᠯᠢᠭ ᠪᠠ ᠬᠠᠤᠯᠢ ᠵᠢᠮ ᠠ ᠵᠢ ᠵᠠᠳᠠᠯᠤᠨ ᠦᠬᠦᠯᠡᠵᠦ᠂ ᠲᠡᠭᠦᠨ ᠤ ᠦᠪᠡᠷᠮᠢᠴᠡ ᠣᠨᠴᠠᠯᠢᠭ ᠢ ᠬᠤᠷᠢᠶᠠᠩᠭ᠋ᠤᠢᠢᠯᠠᠨ ᠳ᠋ᠦᠩᠨᠡᠭᠡᠳ᠂ ᠲᠡᠭᠡᠳᠦ ᠮᠣᠩᠭ᠋ᠤᠯ ᠤᠨ ᠡᠷᠲᠡᠨ ᠤ ᠤᠷᠠᠨ ᠵᠡᠬᠢᠶᠠᠯ ᠤᠨ ᠦᠪᠡᠷᠮᠢᠴᠡ ᠬᠦᠭ᠍ᠵᠢᠯᠤᠨ ᠣᠨᠴᠠᠯᠢᠭ ᠪᠠ ᠦᠢᠯᠡᠳᠦᠯ ᠢ ᠨᠤᠲᠠᠯᠠᠬᠤ ᠵᠢ ᠵᠣᠷᠢᠪᠠ᠃ |
原文 |
查看原文
|
出自 |
内蒙古民族大学学报(社会科学)
2013年
第4期
|