摘要 |
ᠬᠤᠭᠤᠷ ᠤᠨ ᠦᠯᠢᠭᠡᠷ ᠶᠡᠬᠡ ᠪᠡᠷ ᠲᠠᠷᠬᠠᠨ ᠲᠡᠯᠭᠡᠷᠡᠭᠰᠡᠨ ᠴᠢᠩ ᠤᠯᠤᠰ ᠤᠨ ᠦᠶ ᠡ ᠳ᠋ᠡᠬᠢ ᠦᠪᠦᠷ ᠮᠣᠩᠭᠤᠯ ᠤᠨ ᠵᠡᠭᠦᠨ ᠭᠤᠷᠪᠠᠨ ᠴᠢᠭᠤᠯᠭᠠᠨ ᠤ ᠤᠯᠠᠨ ᠬᠤᠰᠢᠭᠤ ᠶᠢᠨ ᠲᠤᠲᠤᠷ ᠰ ᠵᠤᠰᠤᠲᠤ ᠶᠢᠨ ᠴᠢᠤᠯᠭᠠᠨ ᠤ ᠬᠠᠷᠠᠴᠢᠨ ᠬᠡᠳᠦᠨ ᠭᠤᠰᠢᠭᠤ ᠪᠣᠯ ᠬᠢᠲᠠᠳ ᠤᠷᠤᠨ ᠲᠠᠢ ᠬᠠᠮᠤᠭ ᠡᠴᠡ ᠤᠢᠷᠠᠬᠠᠨ ᠬᠤᠲᠤᠭᠰᠢᠵᠤ ᠪᠠᠢᠭᠰᠠᠨ ᠣᠷᠤᠨ ᠪᠣᠯᠬᠤ ᠶᠣᠮ᠃ ᠡᠢᠮᠦ ᠡᠴᠡ ᠲᠡᠳᠡᠭᠡᠷ ᠭᠠᠵᠠᠷ ᠣᠷᠤᠨ ᠨᠢ ᠬᠢᠲᠠᠰᠳ ᠤᠨ ᠰᠣᠶᠣᠯ-ᠡᠷᠲᠡᠨ ᠤ ᠲᠡᠦᠬᠡᠨ ᠷᠤᠮᠠᠨ ᠢ ᠬᠦᠯᠢᠶᠡᠨ ᠠᠪᠤᠭᠰᠠᠨ ᠨᠢ ᠬᠠᠮᠤᠭ ᠡᠴᠡ ᠡᠷᠲᠡ ᠪᠢᠯᠡ᠃ ᠨᠦᠭᠦᠭᠡ ᠲᠡᠯ ᠠ ᠪᠡᠷ ᠬᠤᠷᠠᠴᠢᠨ ᠨᠤᠲᠤᠭ ᠲᠤ ᠣᠳᠦ ᠬᠡᠳᠦᠢᠪᠡᠷ ᠪᠠᠭᠠᠲᠤᠷ ᠤᠨ ᠲᠤᠤᠯᠢ ᠬᠠᠷᠠᠭᠲᠠᠬᠤ ᠦᠭᠡᠢ ᠪᠣᠯᠤᠭᠰᠠᠨ ᠪᠣᠯᠪᠠᠴᠦ ᠲᠡᠨᠲᠡ ᠮᠦᠨ ᠨᠡᠯᠢᠶᠡᠳ ᠡᠷᠲᠡ ᠦᠶ ᠡ ᠡᠴᠡ ᠪᠠᠭᠠᠲᠤᠷ ᠤᠨ ᠲᠤᠤᠯᠢ ᠲᠠᠷᠬᠠᠨ ᠤᠯᠠᠮᠵᠢᠯᠠᠭᠲᠠᠵᠤ ᠪᠠᠢᠵᠠᠢ᠃ ᠡᠢᠨ ᠬᠦ ᠮᠣᠩᠭᠤᠯ ᠦᠨᠳᠦᠰᠦᠲᠡᠨ ᠤ ᠪᠠᠭᠠᠲᠤ ᠤᠨ ᠲᠤᠤᠯᠢ ᠪᠠ ᠬᠢᠲᠠᠳ ᠦᠨᠳᠦᠰᠦᠲᠡᠨ ᠤ ᠡᠷᠲᠡᠨ ᠤ ᠲᠡᠦᠭᠡᠨ ᠷᠤᠮᠠᠨ ᠬᠤᠶᠠᠷ ᠰᠣᠶᠣᠯ ᠤᠨ ᠬᠠᠷᠢᠯᠴᠠᠨ ᠠᠭᠤᠰᠤᠯᠴᠠᠯ ᠤᠨ ᠦᠷ ᠡ ᠳ᠋ᠦᠩ ᠳ᠋ᠤ ᠬᠤᠭᠤᠷ ᠤᠨ ᠦᠯᠢᠭᠡᠷ ᠬᠡᠮᠡᠬᠦ ᠠᠮᠠᠨ ᠰᠣᠶᠣᠯ ᠬᠠᠷᠠᠴᠢᠨ ᠨᠤᠲᠤᠭ ᠲᠤ ᠪᠣᠢ ᠪᠣᠯᠪᠠ᠃ |