| 摘要 |
ᠰᠢᠷᠬ ᠠ ᠰᠣᠷᠪᠢ ᠶᠢᠨ ᠤᠷᠠᠨ ᠵᠣᠬᠢᠶᠠᠯ ᠪᠣᠯ ᠨᠡᠢᠭᠡᠮ ᠤᠨ ᠰᠢᠯᠵᠢᠯᠲᠡ ᠶᠢᠨ ᠦᠶ ᠡ ᠳᠤ ᠦᠪᠦᠷ ᠮᠣᠩᠭ᠋ᠤᠯ ᠤᠨ ᠤᠷᠠᠨ ᠵᠣᠬᠢᠶᠠᠯ ᠤᠨ ᠲᠠᠪᠴᠠᠩ ᠳᠤ ᠢᠯᠡᠷᠡᠭᠰᠡᠨ ᠤᠷᠠᠨ ᠵᠣᠬᠢᠶᠠᠯ ᠤᠨ ᠴᠢᠬᠤᠯᠠ ᠦᠵᠡᠭᠳᠡᠯ ᠤᠳ ᠤᠨ ᠨᠢᠭᠡ ᠨᠢ ᠶᠣᠮ᠂ ᠨᠢᠭᠡᠨᠲᠡ ᠤᠷᠠᠯᠢᠭ ᠤᠨ ᠵᠠᠮ ᠡᠴᠡ ᠪᠠᠨ ᠭᠠᠷᠬᠤ ᠰᠢᠬᠠᠭᠠᠳ ᠪᠠᠢᠭᠰᠠᠨ ᠦᠪᠦᠷ ᠮᠣᠩᠭ᠋ᠤᠯ ᠤᠨ ᠤᠷᠠᠨ ᠵᠣᠬᠢᠶᠠᠯ ᠢ ᠤᠳᠬ ᠠ ᠵᠣᠬᠢᠶᠠᠯ ᠲᠤᠰ ᠪᠡᠶ ᠡ ᠳᠤᠨᠢ ᠨᠡᠩ ᠣᠢᠷᠠᠲᠤᠭᠤᠯᠬᠤ ᠡᠷᠭᠢᠯᠲᠡ ᠵᠢ ᠪᠡᠶᠡᠯᠡᠭᠦᠯᠵᠡᠢ᠃ ᠲᠡᠷᠡ ᠨᠢ ᠪᠦᠬᠦᠢᠯᠡ ᠰᠢᠨ᠌ ᠡ ᠷᠡᠢᠨ ᠤ ᠤᠳᠬ ᠠ ᠵᠣᠬᠢᠶᠠᠯ ᠤᠨ ᠠᠩᠬᠠᠨ ᠤ ᠰᠠᠭᠤᠷᠢ ᠵᠢ ᠲᠠᠯᠪᠢᠭᠰᠠᠨ ᠢᠢᠡᠷ ᠪᠠᠷᠠᠬᠤ ᠦᠭᠡᠢ ᠴᠠᠭᠠᠰᠢᠲᠠ ᠶᠢᠨ ᠬᠦᠭ᠍ᠵᠢᠯ ᠤᠨ ᠵᠠᠮ ᠢ ᠡᠬᠢᠯᠡᠭᠦᠯᠵᠦ ᠦᠭᠭᠦᠭᠰᠡᠨ ᠪᠠᠢᠨ᠌ ᠠ᠃ ᠬᠦᠮᠦᠨ ᠴᠢᠨᠠᠷ ᠢ ᠨᠣᠲᠠᠯᠠᠨ ᠠᠮᠢ ᠨᠠᠰᠤᠨ ᠤ ᠤᠬᠠᠮᠰᠠᠷ ᠢ ᠤᠷᠢᠳᠤ ᠡᠮᠤᠨ᠌ ᠠ ᠭᠠᠷᠤᠭ᠋ ᠠ ᠦᠭᠡᠢ ᠭᠦᠭ᠍ᠵᠢᠭᠡᠨ ᠦᠷᠨᠢᠭᠦᠯᠵᠦ᠂ ᠬᠦᠮᠦᠨᠯᠢᠭ ᠦᠵᠡᠯ ᠤᠨ ᠵᠣᠷᠢᠭ ᠰᠠᠨᠠᠭ᠋ ᠠ ᠵᠢ ᠬᠦᠬᠢᠭᠡᠨ ᠰᠡᠷᠭᠦᠭᠡᠵᠡᠢ; ᠭᠤᠨᠢᠭᠲᠤ ᠵᠦᠴᠦᠭᠡ ᠶᠢᠨ ᠭᠤᠣ ᠠ ᠰᠠᠢᠢᠬᠠᠨ ᠦᠭᠡᠢ ᠴᠠᠭ ᠦᠶ ᠡ ᠵᠢ ᠡᠴᠦᠰᠯᠡᠭᠦᠯᠵᠡᠢ; ᠶᠡᠷᠦ ᠪᠡᠰᠤ ᠶᠢᠨ ᠲᠡᠦᠬᠡᠨ ᠳᠣᠳᠠᠳᠤ ᠣᠷᠤᠰᠢᠬᠤᠢ ᠵᠢ ᠨᠢᠭᠡᠨ ᠬᠡᠮᠵᠢᠶ ᠡ ᠪᠡᠷ ᠢᠯᠡᠨ ᠲᠠᠯᠠᠨ ᠦᠭᠡᠢ ᠲᠦᠷᠰᠦᠯᠡᠨ ᠬᠠᠷᠭᠤᠯᠤᠭᠰᠠᠨ ᠢᠢᠡᠷ ᠢᠢᠡᠨ ᠵᠡᠬᠢᠬᠤ ᠲᠠᠨᠢᠯᠲᠠ ᠶᠢᠨ ᠠᠴᠢ ᠬᠣᠯᠪᠤᠭᠳᠠᠯ ᠲᠠᠢ᠃ |