摘要 |
ᠮᠣᠩᠭᠤᠯᠴᠤᠳ ᠡᠷᠲᠡ ᠲᠡᠭᠡᠳᠦ ᠡᠴᠡ ᠪᠠᠨ ᠪᠡᠯᠭᠡᠳᠡᠯ ᠤᠨ ᠬᠦᠨ ᠬᠦᠨᠵᠡᠭᠡᠢ ᠤᠴᠢᠷ ᠤᠳᠬ ᠠ ᠵᠢ ᠰᠤᠷᠭᠤᠭ᠂ ᠤᠶᠤᠨ᠂ ᠰᠡᠷᠭᠡᠭ ᠵᠦᠩ ᠪᠢᠯᠢᠭ ᠢᠢᠡᠷ ᠢᠢᠡᠨ ᠮᠡᠳᠡᠷᠡᠵᠦ᠂ ᠡᠳᠦᠷ ᠲᠣᠲᠤᠮ ᠤᠨ ᠦᠭᠡ ᠶᠠᠷᠢᠶ ᠡ᠂ᠦᠢᠯᠡ ᠠᠵᠢᠯᠯᠠᠭ᠎ᠠ ᠳ᠋ᠤ ᠪᠠᠨ ᠬᠦᠷᠲᠡᠯ ᠠ ᠲᠡᠭᠦᠨ ᠤ ᠲᠠᠯᠲᠠ ᠨᠢᠭᠤᠴᠠᠯᠢᠭ ᠬᠦᠴᠦᠨ ᠢ ᠬᠡᠷᠡᠭᠯᠡᠬᠦ ᠬᠡᠮᠡᠨ ᠡᠷᠡᠮᠡᠯᠵᠡᠵᠦ᠂《ᠮᠣᠩᠭᠤᠯ ᠬᠦᠮᠦᠨ ᠠᠮᠠᠨ ᠤ ᠪᠡᠯᠭᠡ ᠪᠡᠷ》᠂《ᠠᠮᠠᠨ ᠤ ᠪᠡᠯᠭᠡ ᠡᠴᠡ ᠠᠰᠢᠳᠠ ᠶᠢᠨ ᠪᠡᠯᠭᠡ》ᠭᠡᠬᠦᠴᠢᠯᠠᠨ ᠵᠦᠩ ᠪᠡᠯᠭᠡᠳᠡᠯ ᠢ ᠶᠡᠬᠡᠳᠡ ᠡᠷᠬᠢᠮᠯᠡᠭᠰᠡᠭᠡᠷ ᠢᠷᠡᠪᠡ᠃ ᠭᠡᠬᠦ ᠳ᠋ᠤ ᠪᠠᠨ ᠲᠤᠭᠠᠨ ᠤ ᠪᠡᠯᠭᠡᠳᠡᠯ᠂ ᠦᠩᠭᠡ ᠶᠢᠨ ᠪᠡᠯᠭᠡᠳᠡᠯ᠂ ᠡᠳ᠋ ᠪᠣᠳᠠᠰ᠂ ᠦᠢᠯᠡ ᠠᠵᠢᠯᠯᠠᠭ᠎ᠠ ᠶᠢᠨ ᠪᠡᠯᠭᠡᠳᠡᠯ᠂ᠵᠦᠭ ᠴᠢᠭ ᠤᠨ ᠪᠡᠯᠭᠡᠳᠡᠯ ᠭᠡᠬᠦ ᠵᠡᠷᠭᠡ ᠤᠯᠠᠨ ᠵᠦᠢᠯ ᠤᠨ ᠪᠡᠯᠭᠡᠳᠡᠯ ᠪᠠᠢᠳᠠᠭ᠃ ᠲᠤᠰ ᠦᠭᠦᠯᠡᠯ ᠳ᠋ᠤ᠂ᠪᠠᠭᠠᠷᠢᠨ ᠰᠠᠢᠬᠠᠨ ᠬᠠᠨ ᠠᠭᠤᠯᠠ ᠶᠢᠨ ᠰᠢᠲᠦᠯᠭᠡ ᠶᠢᠨ ᠵᠠᠩ ᠦᠢᠯᠡ ᠳ᠋ᠦ ᠢᠯᠡᠷᠡᠭᠰᠡᠨ ᠦᠩᠭᠡ ᠶᠢᠨ ᠪᠡᠯᠭᠡᠳᠡᠯ ᠤᠨ ᠲᠤᠲᠤᠷ ᠠ ᠡᠴᠡ ᠬᠠᠷ ᠠ ᠦᠩᠬᠡ ᠪᠠ ᠴᠠᠭᠠᠨ ᠦᠩᠭᠡ ᠶᠢᠨ ᠪᠡᠯᠭᠡᠳᠡᠯ ᠢ ᠭᠤᠤᠯᠴᠢᠯᠠᠨ ᠵᠠᠳᠠᠯᠤᠨ ᠰᠢᠨᠵᠢᠯᠡᠪᠡ᠃ |