摘要 |
ᠲᠲᠤᠰ ᠦᠭᠦᠯᠡᠯ ᠤᠨ ᠵᠣᠷᠢᠯᠭ᠎ᠠ ᠨᠢ ᠤᠳᠬ ᠠ ᠤᠷᠠᠯᠢᠭ ᠤᠨ ᠮᠠᠨᠳᠤᠯ ᠬᠢᠭᠡᠳ ᠡᠸᠦ᠋ᠷᠦᠫᠡ ᠶᠢᠨ ᠲᠤᠮᠳᠠᠳᠤ ᠵᠠᠭᠤᠨ ᠤ ᠬᠠᠷᠠᠴᠤ ᠶᠢᠨ ᠤᠳᠬ ᠠ ᠵᠣᠬᠢᠶᠠᠯ ᠤᠨ ᠬᠤᠭᠤᠷᠤᠨᠳᠤᠬᠢ ᠬᠠᠷᠢᠠᠴᠠᠭᠠ ᠵᠢ ᠲᠤᠳᠤᠷᠬᠠᠢᠯᠠᠵᠤ᠂ ᠠᠷᠪᠠᠨ ᠲᠦᠷᠪᠡᠳᠦᠭᠡᠷ ᠵᠠᠭᠤᠠ ᠤ ᠡᠬᠢᠨ ᠢᠢᠡᠷ ᠡᠭᠦᠰᠦᠭᠰᠡᠨ ᠡᠸᠦ᠋ᠷᠦᠫᠠ ᠶᠢᠨ ᠤᠳᠬ ᠠ ᠤᠷᠠᠯᠢᠭ ᠤᠨ ᠮᠠᠨᠳᠤᠯ ᠪᠣᠯ ᠪᠦᠬᠦᠢᠯᠠ ᠲᠤᠮᠳᠠᠳᠤ ᠵᠠᠭᠤᠨ ᠤ ᠲᠤᠰᠢᠬᠢ ᠡᠸᠦ᠋ᠷᠦᠫᠡ ᠶᠢᠨ ᠠᠷᠠᠳ ᠲᠦᠮᠡᠨ ᠤ ᠵᠢᠮ ᠠ ᠶᠣᠰᠤᠨ ᠳ᠋ᠦ ᠨᠡᠢᠴᠡᠭᠰᠡᠨ ᠦᠷ ᠡ ᠳ᠋ᠦᠩ ᠪᠣᠯᠬᠤ ᠵᠢ ᠲᠤᠳᠤᠷᠬᠠᠢᠯᠠᠬᠤ ᠶᠠᠪᠤᠳᠠᠯ ᠪᠣᠯᠤᠨ᠎ᠠ᠃ ᠪᠣᠳᠠᠳᠠᠢ ᠪᠡᠷ ᠬᠡᠯᠡᠪᠡᠯ᠂ ᠤᠳᠬ ᠠ ᠤᠷᠠᠯᠢᠭ ᠤᠨ ᠮᠠᠨᠳᠤᠯ ᠪᠣᠯ ᠪᠦᠬᠦ ᠲᠤᠮᠳᠠᠳᠤ ᠵᠠᠭᠤᠨ ᠤ ᠲᠤᠷᠰᠢᠬᠢ 《ᠪᠤᠷᠤᠭᠤ ᠨᠤᠮᠳᠠᠨ》ᠲᠡᠮᠡᠴᠡᠯ ᠤᠨ ᠬᠠᠮᠤᠭ ᠤᠨ ᠲᠡᠭᠡᠲᠦ ᠢᠯᠡᠷᠡᠯ ᠪᠣᠯᠬᠤ ᠵᠢ ᠦᠬᠦᠯᠡᠨ ᠲᠤᠳᠤᠷᠬᠠᠢᠯᠠᠬᠤ ᠶᠢᠨ ᠤᠯᠠᠮ ᠡᠴᠡ ᠨᠡᠨ ᠦᠶ ᠡ ᠶᠢᠨ ᠬᠠᠷᠠᠴᠦ ᠶᠢᠨ ᠤᠳᠬ ᠠ ᠵᠣᠬᠢᠶᠠᠯ ᠤᠨ ᠦᠨ᠎ᠡ ᠴᠡᠨ᠎ᠠ ᠬᠢᠭᠡᠳ ᠲᠡᠭᠦᠨ ᠤ ᠠᠴᠢ ᠬᠤᠯᠪᠤᠭᠳᠠᠯ ᠢ ᠲᠡᠦᠭᠡᠨ ᠡᠭᠦᠳᠡᠨ ᠡᠴᠡ ᠦᠨᠡᠯᠡᠨ ᠶᠠᠷᠢᠯᠴᠠᠬᠤ ᠶᠠᠪᠤᠳᠠᠯ ᠪᠣᠯᠬᠤ ᠶᠣᠮ᠃ |