摘要 |
ᠲᠤᠰ ᠦᠭᠦᠯᠡᠯ ᠳᠦ ᠮᠣᠩ᠋ᠭᠤᠯ ᠵᠤᠬᠢᠶᠠᠯᠴᠢᠳ ᠤᠨ ᠬᠡᠪ ᠨᠠᠮᠪᠠ ᠶᠢᠨ ᠰᠤᠳᠤᠯᠤᠯ ᠳᠤ ᠠᠵᠢᠭᠯᠠᠯᠲᠠ ᠬᠢᠪᠡ᠃ ᠬᠡᠪ ᠨᠠᠮᠪᠠ ᠰᠤᠳᠤᠯᠤᠯ ᠪᠤᠯ ᠨᠡᠢ᠌ᠭᠡᠮ ᠵᠢᠷᠦᠮᠲᠦ ᠮᠣᠩ᠋ᠭᠤᠯ ᠤᠳᠬ᠎ᠠ ᠵᠤᠬᠢᠶᠠᠯ ᠤᠨ ᠰᠢᠭᠦᠮᠵᠢᠯᠡᠯ ᠦᠨ ᠭᠤᠤᠯ ᠦᠭᠦᠯᠡᠭᠳᠡᠭᠦᠨ ᠪᠤᠯᠤᠨ᠎ᠠ᠃ ᠦᠪᠦᠷ ᠮᠣᠩ᠋ᠭᠤᠯᠴᠤᠳ ᠬᠡᠪ ᠨᠠᠮᠪᠠ ᠪᠦᠷᠢᠯᠳᠦᠭᠰᠡᠨ ᠵᠤᠬᠢᠶᠠᠯᠴᠢ ᠶᠢ ᠪᠤᠯᠪᠠᠰᠤᠷᠠᠨ ᠴᠠᠭᠠᠷᠠᠭᠰᠠᠨ ᠵᠤᠬᠢᠶᠠᠯᠴᠢ ᠬᠡᠮᠡᠨ ᠦᠵᠡᠳᠡᠭ ᠪᠦᠭᠡᠳ ᠲᠡᠭᠦᠨ ᠦ ᠬᠡᠪ ᠨᠠᠮᠪᠠ ᠶᠢ ᠬᠤᠷᠢᠶᠠᠩ᠋ᠭᠤᠢ᠌ᠯᠠᠨ ᠳᠦᠷᠰᠦᠯᠡᠬᠦ ᠨᠢ ᠵᠤᠬᠢᠶᠠᠯᠴᠢ ᠦᠭᠦᠯᠡᠭᠦᠢ᠂ ᠵᠤᠬᠢᠶᠠᠯ ᠦᠭᠦᠯᠡᠭᠦᠢ ᠶᠢᠨ ᠳᠡᠭᠡᠳᠦ ᠬᠢᠵᠠᠭᠠᠷ ᠤᠨ ᠬᠤᠪᠢ ᠪᠠᠷ ᠬᠡᠪᠰᠢᠭᠰᠡᠨ ᠪᠠᠢ᠌ᠨ᠎ᠠ᠃ ᠬᠡᠪ ᠨᠠᠮᠪᠠ ᠶᠢᠨ ᠣᠨᠣᠯ ᠤᠨ ᠰᠤᠷᠪᠤᠯᠵᠢ ᠨᠢ ᠡᠷᠲᠡᠨ ᠦ ᠡᠨᠡᠳᠬᠡᠭ᠌ ᠦᠨ ᠵᠤᠬᠢᠰᠲᠤ ᠠᠶᠠᠯᠭᠤᠨ ᠤ ᠶᠤᠰᠤᠨ ᠬᠢᠭᠡᠳ ᠬᠢᠲᠠᠳ ᠦᠨ ᠰᠢᠯᠦᠭ ᠦᠨ ᠤᠬᠠᠭᠠᠨ ᠲᠠᠢ ᠬᠤᠯᠪᠤᠭᠳᠠᠨ᠎ᠠ᠃ ᠮᠣᠩ᠋ᠭᠤᠯᠴᠤᠳ ᠬᠡᠯᠡᠨ ᠦ ᠴᠢᠮᠡᠭᠯᠡᠯ᠂ ᠪᠦᠲᠦᠴᠡ ᠲᠤᠭᠲᠠᠯᠴᠠᠭ᠎ᠠ ᠬᠢᠭᠡᠳ ᠠᠮᠢᠰᠬᠤᠯ ᠲᠠᠮᠢᠷ᠂ ᠴᠤᠭ ᠰᠦᠯᠳᠡ ᠳᠦ ᠬᠤᠯᠪᠤᠭᠳᠠᠭᠤᠯᠤᠨ ᠬᠡᠪ ᠨᠠᠮᠪᠠ ᠶᠢ ᠳᠦᠷᠰᠦᠯᠡᠵᠦ ᠪᠠᠢ᠌ᠵᠠᠢ᠃ |