题名 |
ᠦᠪᠦᠷ ᠮᠣᠩᠭᠤᠯ ᠪᠣᠯᠤᠨ ᠮᠣᠩᠭᠤᠯ ᠤᠯᠤᠰ ᠤᠨ ᠪᠡᠯᠴᠢᠭᠡᠷ ᠤᠨ ᠮᠠᠯ ᠠᠵᠤ ᠠᠬᠤᠢ ᠶᠢᠨ ᠲᠤᠭᠲᠠᠪᠤᠷᠢᠲᠤ ᠭᠦᠭᠵᠢᠯᠲᠡ ᠶᠢᠨ ᠠᠷᠭ᠎ᠠ ᠪᠣᠳᠤᠯᠭ᠎ᠠ ᠶᠢᠨ ᠲᠣᠬᠠᠢ ᠪᠣᠳᠤᠯᠬᠢᠯᠠᠯ |
作者 |
ᠤᠳᠬᠤᠨᠪᠠᠶᠠᠷ |
关键词 |
ᠪᠡᠯᠴᠢᠭᠡᠷ ᠤᠨ ᠮᠠᠯ ᠠᠵᠤ ᠠᠬᠤᠢ; ᠲᠤᠭᠲᠠᠪᠤᠷᠢᠲᠤ ᠭᠦᠭᠵᠢᠯᠲᠡ; ᠠᠷᠭ᠎ᠠ ᠬᠡᠮᠵᠢᠶ ᠡ; ᠨᠦᠬᠦᠪᠦᠷᠢ ᠲᠡᠮᠵᠢᠯᠭᠡ; ᠰᠠᠭᠤᠷᠢ ᠲᠦᠭᠦᠭᠡᠷᠦᠮᠵᠢ; ᠨᠡᠢᠲᠡ ᠶᠢᠨ ᠡᠳ᠋ ᠭᠡᠷᠡᠭᠰᠡᠯ |
摘要 |
ᠲᠤᠰ ᠦᠭᠦᠯᠡᠯ ᠳ᠋ᠤ ᠲᠤᠭᠲᠠᠪᠦᠷᠢᠲᠤ ᠭᠦᠭᠵᠢᠯᠲᠡ ᠪᠣᠯ ᠨᠢᠡᠨ ᠰᠢᠰᠲ᠋ᠸᠮᠲᠤ ᠢᠨ᠋ᠵᠸᠨᠢᠸᠷᠢᠩ᠂ ᠡᠬᠦᠨ ᠯᠤᠭᠡ ᠠᠳᠠᠯᠢ ᠪᠡᠷ ᠮᠠᠯ ᠠᠵᠤ ᠠᠬᠤᠢ ᠶᠢᠨ ᠲᠤᠭᠲᠠᠪᠤᠷᠢᠲᠦ ᠭᠦᠭᠵᠢᠯᠲᠡ ᠪᠣᠶ᠎ᠠ ᠮᠠᠯ ᠠᠵᠤ ᠠᠬᠤᠢ ᠶᠢᠨ ᠲᠤᠭᠲᠠᠪᠤᠷᠢᠲᠦ ᠭᠦᠭᠵᠢᠯᠲᠡ ᠨᠢ ᠮᠦᠨ ᠴᠦ ᠨᠢᠭᠡᠨ ᠰᠢᠰᠲ᠋ᠧᠮᠲᠤ ᠢᠨ᠋ᠵᠸᠨᠢᠸᠷᠢᠩ ᠪᠣᠯᠬᠤ; ᠭᠡᠲᠡᠯ ᠠ ᠬᠦᠭᠵᠢᠵᠦ ᠪᠠᠢᠭ᠎ᠠ ᠤᠯᠤᠰ ᠣᠷᠤᠨ ᠤ ᠮᠠᠯᠴᠢᠨ ᠲᠠᠷᠢᠶᠠᠴᠢᠨ ᠤ ᠦᠢᠯᠡᠳᠪᠦᠷᠢᠯᠡᠯ ᠠᠮᠢᠳᠤᠷᠠᠯ ᠨᠢ ᠠᠮᠰᠢ ᠢᠯᠡᠷᠭᠡᠢ ᠲᠤᠭᠲᠠᠪᠤᠷᠢᠳᠤ ᠪᠣᠰᠤ ᠴᠢᠠᠨᠷ ᠲᠠᠢ ᠪᠠᠢᠬᠤ; ᠲᠠᠷᠤᠢ ᠪᠠᠢᠭᠠᠯᠢ ᠶᠢᠨ ᠡᠷᠡᠰᠳᠡᠯ ᠪᠣᠯᠤᠨ ᠵᠠᠬ᠎ᠠ ᠲᠡᠯᠭᠡᠭᠦᠷ ᠤᠨ ᠡᠷᠡᠰᠳᠡᠯ ᠡᠴᠡ ᠪᠣᠯᠵᠤ᠂ ᠮᠠᠯ ᠠᠵᠤ ᠠᠬᠤᠢ ᠲᠠᠷᠢᠶᠠᠯᠠᠩ ᠠᠵᠤ ᠠᠬᠤᠢ ᠶᠢᠨ ᠭᠠᠷᠤᠯᠲᠠ ᠶᠢᠨ ᠬᠡᠮᠵᠢᠶ ᠡ ᠪᠣᠯᠤᠨ ᠲᠤᠭᠳᠠᠪᠤᠷᠢᠲᠦ ᠭᠦᠭᠵᠢᠯᠲᠡ ᠨᠢ ᠬᠦᠨᠳᠦ ᠨᠤᠴᠢᠲᠠᠢ ᠨᠦᠯᠦᠭᠡᠯᠡᠭᠳᠡᠵᠦ ᠪᠠᠢᠬᠤ ᠵᠢᠴᠢ ᠮᠠᠯ ᠠᠵᠤ ᠠᠬᠤᠢ ᠳ᠋ᠤ ᠲᠤᠯᠭᠠᠷᠠᠵᠤ ᠪᠦᠬᠦᠢ ᠪᠠᠢᠭᠠᠯᠢ ᠶᠢᠨ ᠡᠷᠡᠰᠳᠡᠯ ᠪᠣᠯᠤᠨ ᠵᠠᠬ᠎ᠠ ᠲᠡᠯᠭᠡᠬᠦᠷ ᠤᠨ ᠡᠷᠡᠰᠳᠡᠯ ᠢ ᠢᠯᠠᠬᠤ ᠠᠷᠭ᠎ᠠ ᠬᠡᠮᠵᠢᠶ ᠡ ᠵᠢ ᠪᠠᠭᠲᠠᠭᠠᠭᠰᠠᠨ ᠮᠠᠯ ᠠᠵᠤ ᠠᠬᠤᠢ ᠶᠢᠨ ᠲᠤᠭᠲᠠᠪᠤᠷᠢᠲᠤ ᠬᠦᠭᠵᠢᠯᠲᠡ ᠳ᠋ᠤ ᠬᠤᠯᠪᠤᠭᠳᠠᠬᠤ ᠨᠦᠬᠦᠪᠦᠷᠢ ᠬᠠᠷᠠᠭᠠᠯᠵᠠᠯ᠂ ᠲᠡᠮᠵᠢᠯᠭᠡ᠂ ᠰᠠᠭᠤᠷᠢ ᠲᠦᠭᠦᠭᠡᠷᠦᠮᠵᠢ ᠶᠢᠨ ᠪᠠᠢᠭᠤᠯᠤᠯᠲᠠ᠂ ᠨᠡᠢᠲᠡ ᠶᠢᠨ ᠡᠳ᠋ ᠬᠡᠷᠡᠭᠰᠡᠯ ᠤᠨ ᠬᠠᠩᠭᠠᠯᠭ᠎ᠠ ᠵᠡᠷᠭᠡ ᠴᠢᠬᠤᠯᠠ ᠪᠣᠯᠬᠤ ᠦᠨᠳᠦᠰᠦᠨ ᠠᠷᠭ᠎ᠠ ᠬᠡᠮᠵᠢᠶ ᠡ ᠵᠢ ᠢᠳᠡᠪᠬᠢᠲᠡᠢ ᠮᠦᠷᠲᠡᠭᠡᠨ ᠬᠦᠴᠦᠲᠡᠢ ᠶᠠᠪᠤᠭᠳᠠᠭᠤᠯᠬᠤ ᠴᠢᠬᠤᠯᠠ ᠴᠢᠨᠠᠷ ᠪᠣᠯᠤᠨ ᠲᠤᠯᠭᠠᠮ ᠠ ᠱᠠᠭᠠᠷᠳᠠᠯᠭ᠎ᠠ ᠵᠢ ᠦᠭᠦᠯᠡᠨ ᠲᠤᠳᠤᠷᠬᠠᠢᠯᠠᠬᠤ ᠵᠢ ᠵᠣᠷᠢᠪᠠ᠃ |
原文 |
查看原文
|
出自 |
赤峰学院学报(蒙文哲学社会科学版)
2013年
第4期
|