题名 |
ᠰᠢᠩᠭᠡᠨ ᠲᠦᠯᠦᠪᠳᠡ ᠦᠩᠭᠡ ᠶᠢᠨ ᠵᠠᠭᠰᠠᠯ ᠤᠨ ᠠᠷᠭ᠎ᠠ ᠪᠡᠷ ᠮᠤᠩ᠌ᠭᠤᠯ ᠡᠮ ᠠᠷᠤᠷ᠎ᠠ — 7 ᠳ᠋ᠡᠬᠢ ᠬᠤᠤᠵᠤᠤ ᠶᠢᠨ ᠱᠦᠯᠳᠤ ᠶᠢᠨ ᠠᠭᠤᠯᠤᠭᠳᠠᠴᠠ ᠵᠢ ᠬᠡᠮᠵᠢᠭᠰᠡᠨ ᠨᠢ |
作者 |
ᠪᠠᠭᠠᠨ᠎ᠠ; ᠭᠤᠤ ᠢᠦᠢ ᠹᠸᠩ |
关键词 |
ᠠᠷᠤᠷ᠎ᠠ — 7;ᠬᠤᠤᠵᠤᠤ ᠶᠢᠨ ᠱᠦᠯᠳᠤ ;ᠠᠭᠤᠯᠤᠭᠳᠠᠴᠠ ᠶᠢᠨ ᠬᠡᠮᠵᠢᠯᠳᠡ;ᠰᠢᠩᠭᠡᠨ ᠲᠦᠯᠦᠪᠳᠡ ᠦᠩᠭᠡ ᠶᠢᠨ ᠵᠠᠭᠰᠠᠯ ᠤᠨ ᠠᠷᠭ᠎ᠠ |
摘要 |
ᠰᠢᠩᠭᠡᠨ ᠲᠦᠯᠦᠪᠳᠡ ᠦᠩᠭᠡ ᠶᠢᠨ ᠵᠠᠭᠰᠠᠯ (HPLC)᠋ᠤᠨ ᠠᠷᠭ᠎ᠠ ᠪᠡᠷ ᠮᠤᠩ᠌ᠭᠤᠯ ᠡᠮ ᠠᠷᠤᠷ᠎ᠠ — 7ᠳ᠋ᠡᠬᠢ ᠬᠤᠤᠵᠤᠤ ᠶᠢᠨ ᠱᠦᠯᠳᠤ ᠶᠢᠨ ᠠᠭᠤᠯᠤᠭᠳᠠᠴᠠ ᠵᠢ ᠬᠡᠮᠵᠢᠪᠡ᠃ ᠡᠬᠦᠨ ᠳᠤ ᠬᠡᠷᠡᠭᠯᠡᠭᠰᠡᠨ ᠦᠩᠭᠡ ᠶᠢᠨ ᠵᠢ᠍ᠭᠰᠠᠯ ᠤᠨ ᠪᠠᠭᠠᠨ᠎ᠠ ᠨᠢ VP-ODS(150L*4.6), ᠪᠠᠭᠠᠨ᠎ᠠ ᠶᠢᠨ ᠳᠤᠯᠠᠭᠠᠴᠠ ᠨᠢ ᠭᠡᠷ ᠤᠨ ᠳᠤᠯᠠᠭᠠᠨ᠂ ᠰᠢᠯᠭᠠᠨ ᠬᠡᠮᠵᠢᠬᠦ ᠳᠤᠯᠬᠢᠶᠠᠨ ᠤ ᠤᠷᠳᠤ ᠨᠢ 343mn᠃ ᠤᠷᠤᠰᠬᠠᠬᠤ ᠬᠤᠷᠳᠤᠴᠠ ᠨᠢ 0.5ml/min᠂ ᠤᠷᠤᠰᠬᠠᠯ ᠤᠨ ᠹᠠᠰ ᠨᠢ ᠮᠸᠲ᠋ᠢᠯ ᠠᠯᠺᠥᠯ᠄ ᠤᠰᠤ(77᠄23)ᠪᠤᠯᠤᠨ᠎ᠠ᠃ ᠬᠡᠮᠵᠢᠯᠳᠡ ᠶᠢᠨ ᠳ᠋ᠩ ᠳᠤ ᠂ ᠬᠤᠤᠵᠤᠤ ᠶᠢᠨ ᠱᠦᠯᠳᠤ ᠶᠢᠨ ᠦᠯᠢᠭᠡᠷ ᠦᠢᠯᠡᠳᠭᠦᠨ ᠢ ᠤᠷᠤᠭᠤᠯᠬᠤ ᠬᠡᠮᠵᠢᠶ᠎ᠠ ᠨᠢ 0.02~0.10µg᠋᠋ ᠋ᠤᠨ ᠦᠶᠡᠰ᠂ ᠤᠷᠬᠢᠯ ᠤᠨ ᠳᠠᠯᠠᠪᠡᠢ ᠲᠠᠢ ᠪᠡᠨ ᠮᠠᠰᠢ ᠰᠠᠢ᠌ᠨ ᠱᠤᠭᠤᠮᠯᠢᠭ ᠬᠠᠷᠢᠴᠠᠭ᠎ᠠ ᠲᠠᠢ (r=0.9997) ᠪᠠᠢ᠌ᠵᠤ᠂ ᠠᠷᠤᠷ᠎ᠠ — 7 ᠳ᠋ᠢᠬᠢ ᠬᠤᠤᠵᠤᠤ ᠶᠢᠨ ᠱᠦᠯᠳᠤ ᠶᠢᠨ ᠳᠤᠮᠳᠠᠴᠢ ᠠᠭᠤᠯᠤᠭᠳᠠᠴᠠ ᠨᠢ 3.84µg/mg᠂VC(%)=1.51 ᠪᠤᠢ᠃ ᠦᠯᠢᠭᠡᠷ ᠨᠠᠮᠠᠵᠤ ᠪᠤᠴᠠᠭᠠᠨ ᠠᠪᠬᠤ ᠳᠤᠷᠰᠢᠯᠳᠠ ᠶᠢᠨ ᠳ᠋ᠦᠩ ᠳᠤ ᠤᠯᠤᠭᠰᠠᠨ ᠳᠤᠮᠳᠠᠴᠢ ᠪᠤᠴᠠᠭᠠᠮᠵᠢ ᠨᠢ 97.4%᠂ CV(%)=1.52 ᠪᠤᠢ᠃ ᠳᠤᠷᠰᠢᠯᠳ ᠶᠢᠨ ᠳ᠋ᠦᠩ ᠤᠨ ᠬᠠᠷᠠᠭᠤᠯᠤᠭᠰᠠᠨ ᠶᠢᠨᠷ᠂ ᠲᠤᠰ ᠬᠡᠮᠵᠢᠯᠳᠡ ᠶᠢᠨ ᠠᠷᠭ᠎ᠠ ᠨᠢ ᠠᠵᠢᠯᠯᠠᠬᠤ ᠳᠤ ᠳᠦᠭᠦᠮ᠂ ᠦᠯᠢᠭᠡᠷ ᠡᠳᠡ᠋ ᠢ ᠰᠠᠯᠭᠠᠨ ᠠᠪᠬᠤ ᠳᠤ ᠨᠢᠯᠢᠶᠡᠳ ᠰᠠᠢ᠌ᠨ ᠪᠠᠢ᠌ᠬᠤ ᠲᠤᠯᠠ ᠮᠤᠩ᠌ᠭᠤᠯ ᠡᠮ ᠠᠷᠤᠷ᠎ᠠ — 7ᠡᠬᠢ ᠬᠤᠤᠵᠤᠤ ᠶᠢᠨ ᠱᠦᠯᠳᠤ ᠵᠢ ᠬᠡᠮᠵᠢᠬᠦ ᠳᠤ ᠰᠢᠩᠭᠡᠨ ᠲᠦᠯᠦᠪᠳᠡ ᠦᠩᠭᠡ ᠶᠢᠨ ᠵᠠᠭᠰᠠᠯ ᠤᠨ ᠠᠷᠭ᠎ᠠ ᠵᠢ ᠷᠡᠭᠯᠡᠵᠤ ᠪᠤᠯᠤᠨ᠎ᠠ᠃ |
原文 |
查看原文
|
出自 |
内蒙古民族大学学报(蒙医药学)
2005年
第1期
|