题名 |
ᠲᠤᠯᠢ ᠶᠢᠨ ᠦᠭᠦᠭᠰᠡᠨ ᠡᠴᠡ ᠰᠡᠳᠦᠪᠯᠡᠨ ᠦᠭᠦᠯᠡᠬᠦ ᠨᠢ——ᠮᠣᠩᠭᠤᠯ ᠭᠠᠭᠠᠨᠲᠤ ᠤᠯᠤᠰ ᠤᠨ ᠡᠬᠢᠨ ᠤ ᠲᠤᠳᠤᠭᠠᠲᠤ ᠬᠢᠮᠤᠷᠠᠯ ᠤᠨ ᠲᠣᠬᠠᠢ ᠰᠢᠨᠵᠢᠯᠡᠯ(ᠨᠢᠭᠡ) ᠠᠰᠠᠭᠤᠯᠭ᠎ᠠ ᠨᠠᠷᠢᠪᠴᠢᠯᠠᠯ |
作者 |
ᠵᠢᠩᠬᠢᠨᠢ ᠵᠣᠬᠢᠶᠠᠪᠠ; ᠪᠦᠷᠬᠦᠨᠳ ᠮᠣᠩᠭᠤᠯᠴᠢᠯᠠᠪᠠ |
关键词 |
|
摘要 |
ᠲᠤᠯᠢ ᠶᠢᠨ ᠦᠭᠦᠭᠰᠡᠨ ᠲᠣᠬᠠᠢ᠄(ᠬᠦᠬᠡ) ᠲᠤᠰ ᠦᠭᠦᠯᠡᠯ ᠤᠨ ᠲᠠᠭᠠᠯᠳᠤᠭᠤᠯᠤᠯ ᠡᠴᠡ ᠯᠠᠪᠯᠠᠪᠠ᠃ ᠲᠠᠭᠠᠯᠳᠤᠭᠤᠯᠤᠯ ᠢ ᠴᠢᠶᠠᠨ ᠳ᠋ᠠ ᠰᠢᠨ ᠤ ᠠᠷᠪᠠᠨ ᠲᠠᠪᠤᠨ ᠪᠦᠯᠦᠭᠲᠦ ᠲᠡᠪᠲᠡᠷ《ᠮᠣᠩᠭᠤᠯ ᠤᠨ ᠨᠢᠭᠤᠴᠠ ᠲᠤᠪᠴᠢᠶᠠᠨ》 ᠤ 272ᠵᠦᠢᠯ ᠡᠴᠡ ᠪᠠᠭᠤᠯᠭᠠᠪᠠ( ᠭᠡᠳᠡᠷᠬᠦ ᠪᠠᠭᠤᠯᠭᠠᠭᠰᠠᠨ ᠮᠣᠩᠭᠤᠯ ᠡᠬᠡ ᠬᠢᠭᠡᠳ ᠬᠢᠳᠠᠳ ᠢᠢᠡᠷ ᠣᠷᠴᠢᠭᠤᠯᠵᠤ ᠲᠠᠢᠯᠪᠤᠷᠢ ᠤᠷᠤᠭᠤᠯᠤᠭᠰᠠᠨ ᠡᠬᠡ ᠲᠤ ᠰᠦᠷᠢ ᠨᠢᠭᠡ ᠪᠤᠢ)᠃(ᠬᠦᠬᠭᠴᠢᠨ) ᠷᠠᠰᠢᠳ᠋ ᠤᠨ《ᠰᠣᠳᠤᠷ ᠤᠨ ᠴᠢᠭᠤᠯᠭᠠᠨ《ᠡᠴᠡ ᠯᠠᠪᠯᠠᠪᠠ᠃ᠹᠸᠩ ᠴᠸᠩ ᠵᠢᠶᠦ᠋ᠨ ᠤ ᠤᠷᠴᠢᠭᠤᠯᠤᠭᠰᠠᠨ ᠳᠤᠰᠰᠤᠨ ᠤ ᠮᠣᠩᠭᠤᠯ ᠤᠨ ᠲᠡᠦᠬᠡ ᠡᠴᠡ ᠲᠠᠮ ᠪᠠᠭᠤᠯᠭᠠᠪᠠ᠄《᠂᠂᠂᠂᠂᠂ ᠲᠤᠯᠢ ᠢᠷᠡᠵᠦ ᠠᠬ᠎ᠠ(ᠦᠭᠡᠳᠡᠢ ᠵᠢ ᠬᠡᠯᠡᠵᠦ ᠪᠠᠢᠨ᠎ᠡ- ᠵᠣᠬᠢᠶᠠᠭᠴᠢ ᠡᠴᠡ)ᠪᠠᠨ ᠪᠠᠷᠠᠭᠠᠳᠡᠷ ᠠ ᠤᠴᠢᠬᠤ ᠣᠴᠢᠬᠤ ᠳ᠋ᠤ᠂ ᠬᠡᠪᠲᠡᠷᠢ ᠶᠢᠨ ᠬᠠᠵᠠᠭᠤ ᠳ᠋ᠤ ᠲᠠᠯᠨᠢᠭᠰᠠᠨ ᠮᠤᠲᠤᠨ ᠯᠣᠩᠬᠤ ᠲᠠᠢ ᠤᠰᠤ ᠵᠢ ᠦᠵᠡᠪᠡ᠃ ᠡᠨᠡ ᠠᠨᠤ ᠪᠦᠬᠡ ᠶᠢᠨ ᠠᠳᠢᠰᠯᠠᠭᠰᠠᠨ ᠤᠰᠤ ᠪᠣᠯᠠᠢ᠃ ᠲᠤᠯᠢ ᠯᠣᠩᠬᠤ ᠵᠢ ᠡᠷᠭᠦᠵᠦ᠄ ᠮᠦᠩᠬᠡ ᠲᠡᠭᠷᠢ ᠮᠢᠨᠢ ᠂ ᠶᠠᠯᠠᠳᠠᠬᠤ ᠪᠣᠯᠪᠠᠰᠤ᠂ ᠮᠢᠨᠦ ᠨᠢᠬᠦᠯ ᠠᠬ ᠠ ᠡᠴᠡ ᠬᠦᠨᠳᠦ ᠪᠣᠯᠠᠢ᠃ ᠲᠠᠢᠨ ᠪᠠᠢᠯᠳᠤᠭᠠᠨ ᠳ᠋ᠤ ᠮᠢᠨᠦ ᠠᠯᠠᠭᠰᠠᠨ ᠬᠦᠮᠦᠨ ᠤᠯᠵᠠᠯᠠᠭᠰᠠᠨ ᠡᠮᠡᠰ ᠬᠡᠦᠬᠡᠳ ᠲᠡᠭᠦᠨ ᠡᠴᠡ ᠤᠯᠠᠨ᠃ ᠡᠴᠢᠬᠡ ᠡᠬᠡ ᠪᠣᠯᠤᠭᠰᠠᠳ ᠢ ᠨᠢᠯᠪᠤᠰᠤ ᠤᠷᠤᠰᠬᠠᠬᠰᠠᠨ ᠠᠨᠤ ᠮᠦᠨ ᠴᠦ ᠲᠡᠭᠦᠨ ᠡᠴᠡ ᠠᠷᠪᠢᠨ᠃ ᠬᠡᠷᠪᠡ ᠴᠢ ᠨᠢᠭᠤᠷ ᠭᠤᠤ ᠠ ᠭᠠᠪᠢᠶ ᠠ ᠦᠯᠡᠮᠵᠢ ᠪᠣᠭᠤᠯ ᠤᠯᠤᠶ ᠠ ᠭᠡᠪᠡᠯ ᠨᠠᠮᠠᠵᠢ ᠲᠠᠭᠤᠳᠠᠭᠰᠠᠨ ᠲᠡᠭᠡᠷ ᠡ᠃ ᠡᠪᠡᠳᠴᠢᠨ ᠲᠠᠬᠤᠯ ᠮᠢᠨᠦ ᠪᠡᠶ ᠠ ᠳ᠋ᠤ ᠲᠤᠰᠴᠦ᠂ ᠠᠬ ᠠ ᠶᠢᠨ ᠮᠢᠨᠦ ᠡᠪᠡᠳᠴᠢᠨ ᠢᠯᠡᠷᠢ ᠪᠣᠯᠳᠤᠭᠠᠢ ᠬᠡᠮᠡᠨ ᠲᠡᠭᠷᠢ ᠳ᠋ᠤ ᠲᠠᠭᠠᠳᠬᠠᠵᠤ ᠯᠣᠩᠬᠤ ᠲᠠᠢ ᠤᠰᠤ ᠵᠢ ᠤᠤᠭᠤᠪᠠ᠃ ᠴᠢᠩᠬᠢᠭᠡᠳ ᠦᠭᠡᠳᠡᠢ ᠶᠢᠨ ᠡᠪᠡᠳᠴᠢᠨ ᠢᠯᠡᠷᠢᠰᠢᠵᠦ᠂ ᠲᠤᠯᠢ ᠤᠳᠠᠯ ᠦᠭᠡᠢ ᠦᠬᠦᠪᠡ》᠃ |
原文 |
没有原文
|
出自 |
内蒙古师范大学学报
1980年
第2期
|