题名 |
《ᠮᠤᠩᠭ᠋ᠤᠯ ᠤᠨ ᠨᠢᠭᠤᠴᠠ ᠲᠤᠪᠴᠢᠶᠠᠨ》 ᠳᠤ ᠢᠯᠡᠷᠡᠭᠰᠡᠨ ᠪᠦᠭᠡ ᠶᠢᠨ ᠱᠠᠰᠢᠨ ᠤ ᠨᠡᠢᠢᠭᠡᠮ ᠤᠨ ᠨᠦᠯᠦᠭᠡ ᠲᠤᠰᠬᠠᠯ |
作者 |
ᠪᠤᠤ ᠬᠤᠩ ᠯᠢᠶᠠᠩ |
关键词 |
ᠪᠦᠭᠡ ᠶᠢᠨ ᠱᠠᠰᠢᠨ ; ᠮᠤᠩᠭ᠋ᠤᠯ ᠦᠨᠳᠦᠰᠦᠳᠡᠨ ; ᠬᠦᠮᠦᠨ ᠲᠦᠷᠦᠯᠬᠢᠳᠡᠨ |
摘要 |
ᠪᠦᠭᠡ ᠶᠢᠨ ᠱᠠᠰᠢᠨ ᠪᠤᠯ ᠪᠠᠯᠠᠷ ᠡᠷᠳᠡᠨ ᠤ ᠮᠤᠩᠭ᠋ᠤᠯᠴᠤᠳ ᠤᠨ ᠤᠤᠭᠠᠯ ᠱᠠᠰᠢᠨ ᠤ ᠬᠡᠯᠪᠡᠷᠢ ᠪᠤᠯᠤᠨ᠎ᠠ᠃ ᠪᠦᠭᠡ ᠶᠢᠨ ᠱᠠᠰᠢᠨ ᠨᠢ ᠲᠤᠬᠠᠢ ᠶᠢᠨ ᠦᠶ᠎ᠡ ᠶᠢᠨ ᠨᠡᠢᠢᠭᠡᠮ ᠤᠨ ᠤᠯᠤᠰ ᠲᠦᠷᠦ ᠠᠵᠤ ᠠᠬᠤᠢ ᠶᠢ ᠬᠦᠨ ᠨᠦᠯᠦᠭᠡᠯᠡᠭᠰᠡᠨ ᠶᠢᠡᠷ ᠪᠠᠷᠠᠬᠤ ᠦᠭᠡᠢ ᠬᠦᠮᠦᠰ ᠤᠨ ᠦᠵᠡᠯ ᠤᠬᠠᠮᠰᠠᠷ ᠢ ᠴᠤ ᠨᠦᠯᠦᠭᠡᠯᠡᠭᠰᠡᠨ ᠪᠠᠢᠢᠨ᠎ᠠ᠃ ᠡᠨᠡ ᠲᠤᠬᠠᠢ ᠮᠤᠩᠭ᠋ᠤᠯ ᠦᠨᠳᠦᠰᠦᠳᠡᠨ ᠤ ᠬᠠᠮᠤᠭ ᠠᠩᠬᠠᠨ ᠤ ᠪᠦᠭᠡᠳ ᠲᠦᠷᠪᠡᠨ ᠶᠡᠬᠡ ᠲᠤᠯᠭᠤᠷ ᠪᠢᠴᠢᠭ᠌ ᠤᠨ ᠨᠢᠭᠡ ᠪᠤᠯᠬᠤ 《ᠮᠤᠩᠭ᠋ᠤᠯ ᠤᠨ ᠨᠢᠭᠤᠴᠠ ᠲᠤᠪᠴᠢᠶᠠᠨ》 ᠳᠤ ᠪᠦᠭᠡ ᠶᠢᠨ ᠱᠠᠰᠢᠨ ᠤ ᠮᠤᠩᠭ᠋ᠤᠯ ᠤᠨ ᠨᠡᠢᠢᠭᠡᠮ ᠳᠤ ᠦᠵᠡᠭᠦᠯᠦᠭᠰᠡᠨ ᠨᠦᠯᠦᠭᠡ ᠲᠤᠰᠬᠠᠯ ᠢ ᠬᠠᠮᠤᠭ ᠤᠨ ᠡᠯᠪᠡᠭ᠌ ᠪᠦᠭᠡᠳ ᠬᠠᠮᠤᠭ ᠨᠡᠢᠢᠳᠡᠯᠢᠭ᠂ ᠬᠠᠮᠤᠭ ᠬᠤᠷᠴᠠ ᠲᠤᠳᠤᠷᠬᠠᠢ ᠲᠤᠰᠬᠠᠨ ᠬᠠᠷᠠᠭᠤᠯᠤᠭᠰᠠᠨ ᠪᠠᠢᠢᠨ᠎ᠠ᠃ ᠲᠤᠰ ᠦᠭᠦᠯᠡᠯ ᠳᠤ 《ᠮᠤᠩᠭ᠋ᠤᠯ ᠤᠨ ᠨᠢᠭᠤᠴᠠ ᠲᠤᠪᠴᠢᠶᠠᠨ》 ᠳᠤ ᠢᠯᠡᠷᠡᠭᠰᠡᠨ ᠪᠦᠭᠡ ᠶᠢᠨ ᠱᠠᠰᠢᠨ ᠤ ᠮᠤᠩᠭ᠋ᠤᠯ ᠤᠨ ᠨᠡᠢᠢᠭᠡᠮ ᠳᠤ ᠦᠵᠡᠭᠦᠯᠦᠭᠰᠡᠨ ᠨᠦᠯᠦᠭᠡ ᠲᠤᠰᠬᠠᠯ ᠢ ᠨᠠᠷᠢᠪᠴᠢᠯᠠᠭᠰᠠᠨ ᠪᠠᠢᠢᠨ᠎ᠠ᠃ |
原文 |
查看原文
|
出自 |
赤峰学院学报(蒙文哲学社会科学版)
2015年
第5期
|