摘要 |
《ᠠᠶᠤᠰᠢ》ᠪᠣᠯ ᠳ ᠰᠡᠩᠬᠡ ᠶᠢᠨ ᠠᠯᠳᠠᠷᠳᠠᠢ ᠤᠷᠠᠨ ᠪᠦᠲᠦᠭᠡᠯ ᠤᠨ ᠨᠢᠭᠡ ᠨᠢ ᠶᠣᠮ᠃1951 ᠣᠨ ᠳ᠋ᠤ ᠴᠣᠢᠪᠠᠯᠰᠠᠩ ᠤᠨ ᠱᠠᠩᠨᠠᠯ ᠢ ᠤᠯᠤᠭᠰᠠᠨ ᠪᠠᠢᠨ᠎ᠠ᠃《ᠠᠶᠤᠰᠢ》ᠳ᠋ᠤ ᠮᠣᠩᠭᠤᠯ ᠤᠨ ᠬᠤᠪᠢᠰᠬᠠᠯᠲᠤ ᠴᠡᠷᠢᠭ ᠤᠨ ᠬᠠᠢᠭᠤᠯ ᠤᠨ ᠳ᠋ᠸᠰᠡᠨᠲ ᠭᠤᠤᠯᠬᠦᠴᠦᠨ ᠤ ᠴᠡᠷᠢᠭ ᠲᠡᠭᠡᠨ ᠵᠠᠮ ᠬᠭᠠᠢᠵᠤ ᠰᠠᠭᠠᠳ ᠠᠷᠢᠯᠭᠠᠬᠤ ᠶᠢᠨ ᠲᠦᠯᠦᠭᠡ ᠲᠣᠭᠠᠨ ᠤ ᠬᠤᠪᠢ ᠳ᠋ᠤ ᠦᠪᠡᠷᠦᠨ ᠡᠴᠡ ᠪᠠᠨ ᠬᠡᠳᠦᠨ ᠠᠷᠪᠠᠨ ᠲᠠᠬᠢᠨ ᠢᠯᠡᠭᠦᠦ ᠲᠠᠢᠰᠦᠨ ᠲᠠᠢ ᠲᠤᠯᠤᠯᠳᠤᠵᠤ᠂ ᠲᠠᠩᠺ ᠤᠨ ᠰᠠᠭᠠᠳ ᠤᠨ ᠬᠦᠬᠦᠷᠭᠡ ᠵᠢ ᠪᠣᠯᠢᠶᠠᠵᠤ ᠡᠭᠦᠷᠡᠭᠡ ᠪᠠᠨ ᠪᠡᠶᠡᠯᠡᠬᠦᠯᠦᠭᠰᠡᠨ ᠭᠠᠢᠬᠠᠮᠰᠢᠭᠲᠤ ᠶᠠᠪᠤᠳᠠᠯ ᠢᠢᠷᠤᠭᠯᠠᠭᠰᠠᠨ ᠶᠣᠮ᠃ ᠪᠦᠬᠦ ᠲᠤᠭᠤᠵᠢ ᠳ᠋ᠤ ᠪᠠᠭᠠᠲᠤᠷ ᠠᠶᠤᠰᠢ ᠪᠡᠷ ᠭᠤᠤᠯ ᠪᠣᠯᠭᠠᠵᠤ ᠲᠤᠰᠠᠭᠠᠷ ᠲᠤᠭᠲᠠᠨᠢᠭᠰᠠᠨ ᠮᠣᠩᠭᠤᠯ ᠠᠷᠠᠳ ᠤᠯᠤᠰ ᠤᠨ ᠡᠳᠦᠢ ᠲᠡᠳᠦᠢ ᠪᠠᠭᠠᠲᠤᠷ ᠦᠷ ᠡ ᠬᠡᠦᠬᠡᠳ ᠲᠤᠮᠳᠠᠳᠤ ᠤᠯᠤᠰ ᠤᠨ ᠠᠷᠠᠳ ᠲᠦᠮᠡᠨ ᠢᠢᠡᠨ ᠴᠢᠯᠦᠭᠡᠯᠡᠬᠦ ᠦᠢᠯᠡᠰ ᠲᠦ ᠠᠮᠢ ᠪᠡᠶ ᠠ ᠪᠠᠨ ᠬᠠᠷᠠᠮ ᠦᠭᠡᠢ ᠵᠣᠷᠢᠭᠤᠯᠤᠭᠰᠠᠨ ᠶᠠᠪᠤᠳᠠᠯ ᠢᠢᠡᠷ ᠮᠣᠩᠭᠤᠯ ᠲᠤᠮᠳᠠᠳᠤ ᠶᠢᠨ ᠠᠷᠠᠳ ᠲᠦᠮᠡᠨ ᠤ ᠴᠢᠰᠤ ᠮᠢᠬᠠᠨ ᠤ ᠬᠠᠷᠢᠴᠠᠭ᠎ᠠ ᠵᠢ ᠲᠡᠯᠭᠡᠨ ᠦᠵᠡᠭᠦᠯᠳᠡᠭ ᠪᠠᠢᠨ᠎ᠠ᠃ |