题名 |
ᠮᠣᠩᠭᠤᠯ ᠭᠠᠵᠠᠷ ᠤᠰᠤᠨ ᠤ ᠲᠦᠪᠡᠳ ᠰᠠᠨᠰᠺᠷᠢᠲ ᠭᠠᠷᠤᠯ ᠲᠠᠢ ᠵᠠᠷᠢᠮ ᠨᠡᠷ ᠡ ᠶᠢᠨ ᠤᠴᠢᠷ |
作者 |
ᠣ• ᠰᠦᠬᠡᠪᠠᠭᠠᠲᠤᠷ |
关键词 |
ᠮᠣᠩᠭᠤᠯ ᠭᠠᠵᠠᠷ ᠤᠰᠤ;ᠲᠦᠪᠡᠳ ᠰᠠᠨᠰᠺᠷᠢᠲ ᠭᠠᠷᠤᠯ ᠲᠠᠢ ᠨᠡᠷ ᠡ |
摘要 |
ᠮᠣᠩᠭᠤᠯ ᠳ᠋ᠤ ᠰᠢᠷ ᠠ ᠶᠢᠨ ᠱᠠᠰᠢᠨ ᠤ ᠲᠡᠯᠭᠡᠷᠡᠬᠦ ᠶᠢᠨ ᠰᠠᠴᠠᠭᠤ ᠮᠣᠩᠭᠤᠯ ᠬᠦᠮᠦᠨ ᠤ ᠨᠡᠷ ᠡ ᠪᠣᠯᠤᠨ ᠭᠠᠵᠠᠷ ᠤᠰᠤᠨ ᠤ ᠨᠡᠷ ᠠ ᠶᠢᠨ ᠪᠦᠷᠢᠯᠳᠦᠬᠦᠨ ᠳ᠋ᠤ ᠶᠡᠬᠡᠬᠡᠨ ᠦᠭᠡᠷᠡᠴᠢᠯᠠᠯᠲᠡ ᠤᠷᠤᠵᠤ ᠡᠬᠢᠯᠡᠭᠰᠡᠨ ᠪᠢᠯᠡ᠃ ᠬᠡᠳᠦᠢᠪᠡᠷ ᠮᠣᠩᠭᠤᠯ ᠭᠠᠵᠠᠷ ᠤᠷᠤᠨ ᠤ ᠨᠡᠷ᠎ᠡ ᠶᠢᠨ ᠰᠣᠳᠣᠯᠣᠯ ᠰᠢᠰᠲ᠋ᠸᠮ ᠲᠠᠢ ᠰᠢᠨᠵᠢᠯᠡᠬᠦ ᠤᠬᠠᠭᠠᠨ ᠪᠣᠵᠤ ᠴᠢᠳᠠᠭ᠎ᠠ ᠦᠭᠡᠢ ᠂ ᠭᠠᠵᠠᠷ ᠤᠨ ᠨᠡᠷ ᠡ ᠶᠢᠨ ᠢᠵᠢ ᠪᠦᠷᠢᠨ ᠺᠠᠷᠲ ᠤᠨ ᠰᠠᠩ ᠪᠦᠷᠢᠳᠦᠨ ᠪᠣᠯᠤᠭ᠎ᠠ ᠦᠭᠡᠢ ᠪᠠᠢᠭ᠎ᠠ ᠴᠦ ᠭᠡᠰᠡᠨ ᠡᠷᠲᠡᠮᠲᠡᠨ ᠰᠣᠳᠤᠯᠤᠭᠴᠢᠳ ᠤᠨ ᠴᠤᠭᠯᠠᠭᠤᠯᠤᠭᠰᠠᠨ ᠭᠠᠵᠠᠷ ᠤᠰᠤᠨ ᠤ ᠨᠡᠷ ᠡ ᠶᠢᠨ ᠪᠦᠷᠢᠳᠭᠡᠯ ᠡᠴᠡ ᠦᠵᠡᠬᠦ ᠳ᠋ᠤ ᠨᠢᠭᠡ ᠬᠡᠰᠡᠭ ᠢ ᠨᠢ ᠲᠦᠪᠡᠳ᠂ ᠰᠠᠨᠰᠺᠷᠢᠲ ᠭᠠᠷᠤᠯ ᠲᠠᠢ ᠨᠡᠷ ᠡ ᠡᠵᠡᠯᠵᠦ ᠪᠠᠢᠭ᠎ᠠ ᠶᠣᠮ᠃ ᠮᠣᠩᠭᠤᠯ ᠭᠠᠵᠠᠷ ᠤᠰᠤᠨ ᠤ ᠨᠡᠷ ᠡ ᠶᠢᠨ ᠤᠳᠬ ᠠ ᠤᠴᠢᠷ ᠢ ᠰᠣᠳᠤᠯᠵᠤ ᠲᠠᠢᠯᠪᠤᠷᠢᠯᠠᠭᠰᠠᠨ ᠵᠦᠢᠯ ᠨᠡᠩ ᠬᠤᠮᠰᠠ ᠶᠣᠮ᠃ ᠰᠡᠭᠦᠯ ᠤᠨ ᠦᠶ ᠡ ᠡᠴᠡᠨ ᠭᠠᠵᠠᠷ ᠤᠨ ᠨᠡᠷ ᠡ ᠶᠢᠨ ᠭᠠᠷᠤᠯ ᠢ ᠠᠷᠠᠳ ᠤᠨ ᠦᠭᠡ ᠶᠢᠨ ᠭᠠᠷᠤᠯ ᠵᠦᠢ ᠶᠢᠨ ᠡᠭᠦᠳᠡᠨ ᠡᠴᠡ ᠲᠠᠢᠯᠪᠤᠷᠢᠯᠠᠬᠤ ᠶᠠᠪᠤᠳᠠᠯ ᠦᠵᠡᠭᠳᠡᠬᠦ ᠪᠣᠯᠤᠭᠰᠠᠨ ᠨᠢ ᠡᠨᠡ ᠲᠠᠯ ᠠ ᠶᠢᠨ ᠰᠣᠳᠤᠯᠤᠯᠭᠠ ᠰᠤᠯᠠ᠂ ᠬᠦᠭᠵᠢᠭᠰᠡᠨ ᠦᠭᠡᠢ ᠵᠢ ᠬᠠᠷᠠᠭᠤᠯᠵᠤ ᠪᠠᠢᠨ᠎ᠠ᠃ |
原文 |
没有原文
|
出自 |
蒙古学研究
1997年
第3期
|