摘要 |
ᠰᠣᠶᠣᠯ ᠭᠡᠳᠡᠭ ᠪᠣᠯ ᠨᠢᠭᠡ ᠪᠤᠲᠤᠯᠢᠶᠠᠨᠲᠠᠢ ᠰᠢᠰᠲ᠋ᠸᠮ ᠢᠢᠡᠷ ᠪᠦᠷᠢᠯᠳᠦᠭᠰᠡᠨ ᠨᠡᠢᠯᠡᠮᠡᠯ ᠴᠣᠭᠴᠠ ᠪᠤᠯᠬᠤ ᠶᠣᠮ᠃ ᠲᠡᠭᠦᠨ ᠤ ᠡᠭᠦᠰᠦᠯ ᠪᠦᠷᠢᠯᠳᠦᠯ ᠬᠢᠭᠡᠳ ᠬᠦᠭᠵᠢᠯ ᠬᠤᠪᠢᠷᠠᠯ ᠨᠢ ᠪᠦᠷ ᠰᠢᠰᠲ᠋ᠸᠮ ᠤᠨ ᠡᠯ ᠠ ᠡᠯᠸᠮᠸᠨ᠋ᠲ ᠪᠨ ᠲᠣᠲᠤᠭᠠᠲᠤ ᠪᠠ ᠭᠠᠳᠠᠭᠠᠲᠤ ᠴᠢᠳᠠᠪᠬᠢ ᠶᠢᠨ ᠨᠦᠯᠦᠭᠡ ᠵᠢ ᠬᠦᠯᠢᠶᠡᠵᠦ ᠪᠠᠢᠳᠠᠭ᠃ ᠰᠢᠰᠲ᠋ᠸᠮ ᠡᠴᠡ ᠶᠠᠮᠠᠷᠪᠠ ᠨᠢᠭᠡᠨ ᠦᠨᠳᠦᠰᠦᠲᠠᠨ ᠤ ᠰᠣᠶᠣᠯ ᠤᠨ ᠤᠯᠠᠮᠵᠢᠯᠠᠯ᠂ ᠬᠠᠮᠠᠭᠠᠯᠠᠯ ᠪᠤᠶᠤ ᠡᠭᠦᠳᠦᠯᠲᠡ ᠵᠢ ᠰᠣᠳᠤᠯᠬᠤ ᠳ᠋ᠤ ᠠᠮᠢ ᠠᠬᠤᠢ ᠶᠢᠨ ᠰᠢᠰᠲ᠋ᠸᠮ ᠡᠴᠡ ᠰᠠᠯᠭᠠᠵᠤ ᠪᠤᠯᠬᠤ ᠦᠭᠡᠢ᠃ ᠦᠭᠦᠯᠡᠯ ᠳ᠋ᠤ ᠰᠣᠶᠣᠯ ᠤᠨ ᠨᠡᠢᠭᠡᠮ ᠵᠦᠢ ᠶᠢᠨ ᠣᠳᠣ ᠦᠶ ᠠ ᠶᠢᠨ ᠰᠣᠶᠣᠯ ᠳ᠋ᠤ ᠲᠤᠯᠭᠠᠷᠠᠵᠤ ᠪᠦᠬᠦᠢ ᠠᠮᠢ ᠠᠬᠤᠢ ᠶᠢᠨ ᠠᠰᠠᠭᠤᠳᠠᠯ ᠳ᠋ᠤ ᠴᠢᠳᠠᠪᠬᠢ ᠶᠢᠨ ᠦᠵᠡᠯ ᠤᠨ ᠡᠭᠦᠳᠡᠨ ᠡᠴᠡ ᠵᠠᠳᠠᠯᠤᠯᠲᠠ ᠬᠢᠵᠦ᠂ ᠰᠣᠶᠣᠯ ᠤᠨ ᠠᠮᠢ ᠠᠬᠤᠢ ᠶᠢᠨ ᠰᠢᠰᠲ᠋ᠸᠮ ᠤᠨ ᠪᠦᠲᠦᠴᠡ ᠪᠠ ᠲᠡᠭᠦᠨ ᠤ ᠴᠢᠳᠠᠪᠬᠢ ᠶᠢᠨ ᠵᠣᠬᠢᠴᠠᠯ ᠤᠨ ᠲᠣᠬᠠᠢ ᠦᠭᠦᠯᠡᠭᠰᠡᠨ ᠪᠠᠢᠨ᠎ᠠ᠃ |