摘要 |
ᠣᠳᠣᠬᠢ ᠠᠵᠤ ᠠᠬᠤᠢ ᠶᠢᠨ ᠦᠷᠨ᠋ᠢᠯᠲᠡ ᠶᠢᠨ ᠴᠠᠭ ᠦᠶ᠎ᠡ ᠳᠦ᠂ ᠦᠨᠳᠦᠰᠦᠲᠡᠨ ᠦ ᠳᠡᠭᠡᠳᠦ ᠰᠤᠷᠭ᠋ᠠᠭ᠋ᠤᠯᠢ ᠶᠢᠨ ᠨᠤᠮ ᠤᠨ ᠰᠠᠩ ᠨᠢ ᠳᠤᠬᠢᠶᠠᠯ ᠢ ᠠᠳᠬᠤᠵᠤ᠂ ᠦᠷᠢᠰᠦᠯᠳᠦᠭᠡᠨ ᠢ ᠤᠭᠲᠤᠨ᠂ ᠦᠢᠯᠡᠴᠢᠯᠡᠭᠡᠨ ᠦ ᠠᠷᠭ᠎ᠠ ᠠᠪᠴᠠᠯ ᠢᠶᠠᠨ ᠰᠠᠢᠵᠢᠷᠠᠭ᠋ᠤᠯᠵᠤ᠂ ᠰᠢᠨ᠎ᠡ ᠰᠢᠨᠵᠢᠯᠡᠬᠦ ᠤᠬᠠᠭ᠋ᠠᠨ ᠲᠧᠭᠨ᠋ᠢᠭ ᠮᠡᠷᠭᠡᠵᠢᠯ ᠢ ᠠᠰᠢᠭᠯᠠᠵᠤ ᠪᠠᠢᠭ᠋ᠠᠳ ᠰᠤᠷᠭ᠋ᠠᠭ᠋ᠤᠯᠢ ᠶᠢᠨ ᠬᠢᠴᠢᠶᠡᠯ ᠬᠦᠮᠦᠵᠢᠯ᠂ ᠡᠷᠳᠡᠮ ᠰᠢᠨᠵᠢᠯᠡᠭᠡᠨ ᠦ ᠬᠡᠷᠡᠭᠴᠡᠭᠡ ᠶᠢ ᠬᠠᠩᠭ᠋ᠠᠬᠤ ᠶᠢᠨ ᠳᠠᠭ᠋ᠠᠤ᠂ ᠦᠢᠯᠡᠴᠢᠯᠡᠭᠡᠨ ᠦ ᠬᠡᠪᠴᠢᠶ᠎ᠡ ᠪᠡᠨ ᠦᠷᠭᠡᠳᠭᠡᠵᠦ᠂ ᠨᠡᠢᠭᠡᠮ ᠦᠨ ᠪᠦᠲᠦᠭᠡᠨ ᠪᠠᠢᠭ᠋ᠤᠯᠤᠯᠲᠠ ᠳᠤ ᠣᠷᠤᠯᠴᠠᠬᠤ ᠨᠢ ᠴᠠᠭ ᠦᠶ᠎ᠡ ᠶᠢᠨ ᠱᠠᠭ᠋ᠠᠷᠳᠠᠯᠭ᠎ᠠ ᠪᠤᠯᠬᠤ ᠶᠢ ᠲᠤᠰ ᠦᠭᠦᠯᠡᠯ ᠳᠦ ᠴᠢᠬᠤᠯᠠᠴᠢᠯᠠᠨ ᠦᠭᠦᠯᠡᠵᠡᠢ᠃ ᠳᠠᠷᠤᠢ ᠤᠯᠤᠰ ᠦᠨᠳᠦᠰᠦᠲᠡᠨ ᠦ ᠪᠡᠨ ᠠᠵᠤ ᠠᠬᠤᠢ ᠶᠢᠨ ᠪᠦᠲᠦᠬᠡᠨ ᠪᠠᠢᠭ᠋ᠤᠯᠤᠯᠲᠠ ᠶᠢᠨ ᠬᠦᠭᠵᠢᠯ ᠪᠠᠳᠠᠷᠠᠯ ᠳᠤ ᠢᠳᠡᠪᠬᠢ ᠬᠦᠴᠦᠨ ᠦᠵᠡᠭᠦᠯᠬᠦ ᠨᠢ ᠦᠨᠳᠦᠰᠦᠲᠡᠨ ᠦ ᠳᠡᠭᠡᠳᠦ ᠰᠤᠷᠭ᠋ᠠᠭ᠋ᠤᠯᠢ ᠶᠢᠨ ᠨᠤᠮ ᠤᠨ ᠰᠠᠩ ᠤᠨ ᠣᠳᠣᠬᠢ ᠴᠢᠷᠮᠠᠢᠨ ᠪᠡᠶᠡᠯᠡᠭᠦᠯᠦᠰᠢᠲᠡᠢ ᠡᠭᠦᠷᠭᠡ ᠴᠢᠳᠠᠪᠬᠢ ᠪᠤᠯᠬᠤ ᠶᠢ ᠲᠤᠳᠤᠷᠬᠠᠢᠯᠠᠨ ᠦᠭᠦᠯᠡᠭᠰᠡᠨ ᠪᠠᠢᠨ᠎ᠠ᠃ |