题名 |
《ᠣᠷᠴᠢᠨ ᠴᠠᠭ ᠤᠨ ᠮᠣᠩᠭ᠋ᠤᠯ ᠬᠡᠯᠡ》ᠬᠢᠭᠡᠳ ᠲᠡᠭᠦᠨ ᠤ ᠵᠢᠭᠠᠨ ᠰᠤᠷᠭᠠᠯᠲᠠ ᠳ᠋ᠤ ᠠᠰᠠᠭᠤᠳᠠᠯ ᠢᠢᠡᠷ ᠬᠢᠴᠢᠶᠡᠯᠯᠡᠬᠦ ᠠᠷᠭ᠋ ᠠ ᠵᠢ ᠬᠡᠷᠡᠭᠡᠯᠬᠦ ᠲᠣᠬᠠᠢ |
作者 |
ᠵᠠ᠊᠂ ᠪᠠᠳᠦᠭᠡᠷᠡᠯ |
关键词 |
ᠣᠷᠴᠢᠨ ᠴᠠᠭ ᠤᠨ ᠮᠣᠩᠭ᠋ᠤᠯ ᠬᠡᠯᠡ ᠵᠢᠭᠠᠨ ᠰᠤᠷᠭᠠᠯᠲᠠ; ᠠᠰᠠᠭᠤᠳᠠᠯ ᠢᠢᠡᠷ ᠬᠢᠴᠢᠶᠡᠯᠯᠡᠬᠦ ᠠᠷᠭ᠋ ᠠ |
摘要 |
《ᠣᠷᠴᠢᠨ ᠴᠠᠭ ᠤᠨ ᠮᠣᠩᠭ᠋ᠤᠯ ᠬᠡᠯᠡ 》 ᠬᠢᠭᠡᠳ ᠲᠡᠭᠦᠨ ᠤ ᠵᠢᠭᠠᠨ ᠰᠤᠷᠭᠠᠯᠲᠠ ᠶᠢᠨ ᠬᠢᠴᠢᠶᠡᠯ ᠨᠢ ᠦᠨᠳᠦᠰᠦᠲᠡᠨ ᠤ ᠶᠡᠬᠡ ᠰᠤᠷᠭᠠᠭᠤᠯᠢ ᠨᠤᠭᠤᠳ ᠲᠡᠬᠢ ᠮᠣᠩᠭ᠋ᠤᠯ ᠬᠡᠯᠡ ᠵᠣᠬᠢᠶᠠᠯ ᠮᠡᠷᠭᠡᠵᠢᠯ ᠤᠨ ᠬᠢᠴᠢᠶᠡᠯ ᠬᠦᠮᠦᠵᠢᠯ ᠤᠨ ᠴᠢᠬᠠᠯᠠ ᠰᠠᠭᠤᠡᠢ ᠬᠢᠴᠢᠶᠡᠯ ᠪᠣᠯᠬᠤ ᠪᠡᠷ ᠪᠠᠷᠠᠬᠤ ᠦᠭᠡᠢ᠂ ᠵᠢᠭᠠᠨ ᠰᠤᠷᠭᠠᠬᠤ ᠠᠭᠤᠯᠭ᠋ ᠠ ᠶᠢᠨ ᠬᠣᠪᠢ ᠳᠤ᠂ ᠣᠢᠢᠷ ᠠ ᠶᠢᠨ ᠵᠢᠯ ᠡᠴᠡ ᠴᠠᠭ ᠦᠶ ᠡ᠂ ᠨᠡᠢᠢᠭᠡᠮ ᠤᠨ ᠭᠡᠷᠡᠭᠴᠡᠭᠡ᠂ ᠦᠨᠳᠦᠰᠦᠲᠡᠨ ᠤ ᠦᠭᠡ ᠬᠡᠯᠡ᠂ ᠦᠰᠦᠭ ᠪᠢᠴᠢᠭ᠌ ᠤᠨ ᠬᠡᠷᠡᠭᠯᠡᠭᠡ ᠲᠠᠢ ᠪᠣᠯᠬᠤ ᠨᠦᠬᠦᠴᠡᠯ ᠳ᠋ᠤ ᠲᠣᠬᠢᠷᠠᠭᠤᠯᠬᠤ ᠲᠠᠯ ᠠ ᠪᠡᠷ ᠣᠯᠠᠨ ᠤᠳᠠᠭᠠᠨ ᠤ ᠦᠭᠡᠷᠡᠴᠢᠯᠡᠯᠲᠡ ᠬᠢᠭᠰᠡᠨ ᠪᠦᠭᠡᠳ ᠵᠣᠬᠢᠬᠤ ᠬᠡᠮᠵᠢᠶᠡᠨ ᠤ ᠠᠯᠮᠵᠢᠯᠲᠠ ᠤᠯᠤᠭᠰᠠᠨ ᠨᠢ ᠢᠯᠡᠷᠭᠡᠢ ᠪᠠᠢᠢᠬ᠋ ᠠ ᠶᠣᠮ᠃ ᠵᠢᠭᠠᠨ ᠰᠤᠷᠭᠠᠯᠲᠠ ᠶᠢᠨ ᠤᠨᠤᠯ ᠳᠤ᠂ ᠠᠰᠠᠭᠤᠯᠳᠠ ᠪᠡᠷ ᠬᠢᠴᠢᠶᠡᠯᠯᠡᠬᠦ ᠠᠷᠭ᠋ ᠠ ᠪᠣᠯ ᠨᠢᠭᠡ ᠵᠦᠢᠯ ᠤᠨ ᠲᠦᠭᠡᠮᠡᠯ ᠬᠡᠷᠡᠭᠯᠡᠭᠡ ᠲᠠᠢ ᠰᠡᠩᠭᠡᠷᠡᠭᠦᠯᠦᠯ ᠪᠠ ᠪᠣᠯᠪᠠᠰᠤᠷᠠᠯ ᠢ ᠤᠶᠠᠯᠳᠤᠭᠤᠯᠤᠭᠰᠠᠨ ᠴᠠᠭ ᠦᠶ ᠡ ᠶᠢᠨ ᠬᠦᠭᠵᠢᠯᠲᠡ ᠲᠠᠢ ᠲᠣᠬᠢᠷᠠᠭᠰᠠᠨ ᠠᠷᠭ᠋ ᠠ ᠪᠣᠯᠬᠤ ᠶᠣᠮ᠃ ᠲᠤᠰ ᠦᠭᠦᠯᠡᠯ ᠳᠤ 《ᠣᠷᠴᠢᠨ ᠴᠠᠭ ᠤᠨ ᠮᠣᠩᠭ᠋ᠤᠯ ᠬᠡᠯᠡ》 ᠬᠢᠭᠡᠳ ᠲᠡᠭᠦᠨ ᠤ ᠵᠢᠭᠠᠨ ᠰᠤᠷᠭᠠᠯᠲᠠ ᠳᠡᠬᠢ ᠠᠰᠠᠭᠤᠳᠠᠯ ᠢᠢᠡᠷ ᠬᠢᠴᠢᠶᠡᠯᠯᠡᠬᠦ ᠠᠷᠭ᠋ ᠠ ᠶᠢᠨ ᠲᠣᠬᠠᠢ ᠦᠭᠦᠯᠡᠬᠦ ᠳᠡᠭᠡᠨ ᠭᠤᠤᠯᠳᠠᠭᠤ《ᠲᠦᠷᠪᠡᠨ ᠰᠢᠨᠵᠢᠯᠲᠡ》᠂《ᠨᠢᠭᠡ ᠢᠯᠡᠷᠡᠯ》᠂《ᠨᠢᠭᠡ ᠭᠤᠤᠯᠳᠠᠯᠭ᠋ ᠠ》 ᠵᠢ ᠠᠳᠬᠤᠬᠤ ᠲᠣᠬᠠᠢ ᠦᠭᠦᠯᠡᠪᠡ᠃ |
原文 |
查看原文
|
出自 |
西北民族大学学报
2010年
第1期
|