摘要 |
ᠬᠠᠭ᠋ᠤᠴᠢᠨ ᠰᠢᠰᠲ᠋ᠧᠮ᠂ ᠬᠠᠭ᠋ᠤᠴᠢᠷᠠᠭᠰᠠᠨ ᠠᠭ᠋ᠤᠯᠭ᠎ᠠ᠂ ᠬᠡᠪᠰᠢᠭᠰᠠᠨ ᠵᠢᠭ᠋ᠠᠨ ᠰᠤᠷᠭ᠋ᠠᠬᠤ ᠠᠷᠭ᠎ᠠ ᠮᠡᠷᠭᠡᠵᠢᠯ ᠢ ᠴᠦᠮ ᠵᠢᠷ ᠨᠢ ᠦᠭᠡᠷᠡᠴᠢᠯᠡᠬᠦ ᠬᠡᠷᠡᠭᠲᠡᠢ᠃ ᠪᠢᠳᠡ ᠪᠤᠰᠤᠳ ᠤᠨ ᠲᠤᠷᠰᠢᠯᠭ᠎ᠠ᠂ ᠪᠤᠰᠤᠳ ᠤᠨ ᠵᠠᠮ ᠢ ᠠᠩᠬᠠᠷᠬᠤ ᠴᠢᠬᠤᠯᠠᠲᠠᠢ᠂ ᠭᠡᠪᠡᠴᠦ ᠲᠡᠭᠦᠨ ᠢ ᠬᠦᠯᠢᠶᠡᠭᠡᠳ ᠪᠤᠯᠬᠤ ᠦᠭᠡᠢ᠂ ᠬᠠᠮᠤᠭ ᠴᠢᠬᠤᠯᠠ ᠨᠢ ᠦᠪᠡᠷᠰᠡᠳ ᠢᠶᠡᠨ ᠵᠤᠷᠢᠭᠲᠠᠢ ᠪᠠᠷ ᠵᠠᠮ ᠨᠡᠭᠡᠭᠡᠵᠦ᠂ ᠪᠤᠰᠤᠳ ᠤᠨ ᠰᠠᠢᠨ ᠲᠤᠷᠰᠢᠯᠭ᠎ᠠ ᠶᠢ ᠰᠢᠩᠭᠡᠭᠡᠨ ᠠᠪᠴᠤ᠂ ᠲᠬᠢᠷᠠᠬᠤ ᠦᠭᠡᠢ ᠵᠤᠢᠯ ᠢ ᠨᠢ ᠢᠯᠭ᠋ᠠᠨ ᠬᠠᠶᠠᠬᠤ ᠬᠡᠷᠡᠭᠲᠡᠢ᠃ (ᠨᠢᠭᠡ) 《ᠰᠤᠩ᠋ᠭᠤᠯ ᠤᠳᠬ᠎ᠠ ᠵᠤᠬᠢᠶᠠᠯ᠂ ᠵᠤᠬᠢᠶᠠᠨ ᠪᠢᠴᠢᠯᠭᠡ》 ᠶᠢᠨ ᠬᠢᠴᠢᠶᠡᠯ ᠳᠦ ᠪᠠᠭᠲᠠᠵᠤ ᠪᠠᠢᠭ᠎ᠠ ᠬᠤᠶᠠᠷ ᠲᠤᠮᠤ ᠮᠡᠷᠭᠡᠵᠢᠯ ᠦᠨ ᠠᠭ᠋ᠤᠯᠭ᠎ᠠ ᠪᠤᠯᠬᠤ 《ᠰᠤᠩᠭ᠋ᠤᠮᠠᠯ ᠵᠤᠬᠢᠶᠠᠯ ᠤᠨ ᠵᠠᠳᠠᠯᠤᠯᠲᠠ》 ᠪᠠ 《ᠵᠤᠬᠢᠶᠠᠨ ᠪᠢᠴᠢᠯᠭᠡ ᠶᠢᠨ ᠮᠡᠳᠡᠯᠭᠡ》 ᠶᠢ ᠲᠤᠰᠠᠭ᠋ᠠᠷᠯᠠᠨ ᠰᠠᠯᠭ᠋ᠠᠬᠤ᠃ (ᠬᠤᠶᠠᠷ) ᠴᠠᠭ ᠢ ᠪᠤᠭ᠋ᠤᠨ᠋ᠢᠰᠬᠠᠨ᠂ ᠴᠠᠭ ᠢ ᠬᠤᠪᠢᠶᠠᠷᠢᠯᠠᠬᠤ᠃ (ᠭᠤᠷᠪᠠ) 《ᠰᠤᠩ᠋ᠭᠤᠮᠠᠯ ᠤᠳᠬ᠎ᠠ ᠵᠤᠬᠢᠶᠠᠯ》 ᠤᠨ ᠬᠠᠭ᠋ᠤᠴᠢᠷᠠᠭᠰᠠᠨ ᠠᠭ᠋ᠤᠯᠭ᠎ᠠ᠂ ᠳᠠᠪᠳᠠᠭᠲᠠᠵᠤ ᠪᠠᠢᠭ᠎ᠠ ᠠᠭ᠋ᠤᠯᠭ᠎ᠠ ᠶᠢ ᠬᠠᠰᠤᠬᠤ᠃ (ᠳᠦᠷᠪᠡ) 《ᠰᠤᠩ᠋ᠭᠤᠮᠠᠯ ᠤᠳᠬ᠎ᠠ ᠵᠤᠬᠢᠶᠠᠯ》 ᠤᠨ ᠬᠢᠴᠢᠶᠡᠯ ᠢ 《ᠤᠳᠬ᠎ᠠ ᠵᠤᠬᠢᠶᠠᠯ ᠤᠨ ᠰᠤᠨ᠋ᠢᠭ᠋ᠤᠴᠢᠯᠠᠯ》 ᠪᠤᠯᠭ᠋ᠠᠨ ᠦᠭᠡᠷᠡᠴᠢᠯᠡᠬᠦ᠃ (ᠲᠠᠪᠤ) 《ᠰᠤᠩᠭ᠋ᠤᠮᠠᠯ ᠤᠳᠬ᠎ᠠ ᠵᠤᠬᠢᠶᠠᠯ》 ᠤᠨ ᠳᠠᠭ᠋ᠠᠯᠲᠠ ᠠᠭ᠋ᠤᠯᠭ᠎ᠠ ᠶᠢ ᠵᠤᠬᠢᠰᠲᠠᠢ ᠰᠢᠳᠪᠦᠷᠢᠯᠡᠬᠦ᠃ (ᠵᠢᠷᠭ᠋ᠤᠭ᠎ᠠ) 《ᠵᠤᠬᠢᠶᠠᠨ ᠪᠢᠴᠢᠯᠭᠡ》 ᠶᠢᠨ ᠬᠢᠴᠢᠶᠡᠯ ᠢ 《ᠵᠤᠬᠢᠶᠠᠨ ᠪᠢᠴᠢᠯᠭᠡ ᠶᠢᠨ ᠦᠨᠳᠦᠰᠦᠨ ᠮᠡᠳᠡᠯᠭᠡ》 ᠶᠢᠨ ᠬᠢᠴᠢᠶᠡᠯ ᠪᠤᠯᠭ᠋ᠠᠨ ᠦᠭᠡᠷᠡᠴᠢᠯᠡᠬᠦ᠃ (ᠳᠤᠯᠤᠭ᠎ᠠ) 《ᠵᠤᠬᠢᠶᠠᠨ ᠪᠢᠴᠢᠯᠭᠡ》 ᠶᠢᠨ ᠬᠢᠴᠢᠶᠡᠯ ᠳᠦ ᠬᠡᠷᠡᠭᠯᠡᠭᠡᠨ ᠦ ᠵᠤᠬᠢᠶᠠᠯ ᠤᠨ ᠵᠤᠬᠢᠶᠠᠨ ᠪᠢᠴᠢᠯᠭᠡ ᠶᠢᠨ ᠠᠭ᠋ᠤᠯᠭ᠎ᠠ ᠶᠢ ᠬᠦᠢᠴᠡᠳ ᠨᠡᠮᠡᠬᠦ᠃ (ᠨᠠᠢᠮᠠ) 《ᠵᠤᠬᠢᠶᠠᠨ ᠪᠢᠴᠢᠯᠭᠡ》 ᠶᠢᠨ ᠬᠢᠴᠢᠶᠡᠯ ᠤᠨ ᠠᠭ᠋ᠤᠯᠭ᠎ᠠ ᠳᠤ ᠦᠨᠳᠦᠰᠦᠲᠡᠨ ᠦ ᠣᠨᠴᠠᠯᠢᠭ ᠤᠨ ᠰᠢᠨ᠋ᠡᠴᠢᠯᠡᠯ ᠦᠭᠡᠷᠡᠴᠢᠯᠡᠯᠲᠡ ᠬᠢᠬᠦ᠃ (ᠶᠢᠰᠦ)《 ᠰᠤᠩᠭ᠋ᠤᠮᠠᠯ ᠤᠳᠬ᠎ᠠ ᠵᠤᠬᠢᠶᠠᠯ᠂ ᠵᠤᠬᠢᠶᠠᠨ ᠪᠢᠴᠢᠯᠭᠡ》 ᠶᠢᠨ ᠬᠢᠴᠢᠶᠡᠯ ᠦᠨ ᠪᠠᠭᠰᠢ ᠶᠢᠨ ᠲᠤᠬᠢᠷᠠᠭ᠎ᠠ ᠳᠤ᠂ ᠭᠠᠭᠴᠠ ᠪᠠᠭᠰᠢ ᠪᠦᠬᠦᠨ ᠢ ᠳᠠᠭ᠋ᠠᠭ᠋ᠠᠬᠤ ᠪᠠᠢᠳᠠᠯ ᠢ ᠦᠭᠡᠷᠡᠴᠢᠯᠡᠬᠦ᠃ (ᠠᠷᠪᠠ) 《ᠰᠤᠩᠭ᠋ᠤᠮᠠᠯ ᠤᠳᠬ᠎ᠠ ᠵᠤᠬᠢᠶᠠᠯ᠂ ᠵᠤᠬᠢᠶᠠᠨ ᠪᠢᠴᠢᠯᠭᠡ》 ᠶᠢᠨ ᠬᠢᠴᠢᠶᠡᠯ ᠦᠨ ᠳᠤᠰᠬᠠᠯ ᠪᠤᠯᠪᠠᠰᠤᠷᠠᠯ ᠪᠠ ᠰᠢᠯᠭ᠋ᠠᠯᠲᠠ ᠶᠢ ᠦᠭᠡᠷᠡᠴᠢᠯᠡᠬᠦ᠃ |