题名 |
Mn1.18Cr0.02Fe0.8P0.95-xGexSi0.05 ᠮᠠᠲ᠋ᠧᠷᠢᠶᠠᠯ ᠤᠨ ᠰᠤᠷᠤᠢᠨᠵᠢᠨ ᠬᠦᠷᠦᠭᠡᠯᠲᠡ ᠶᠢᠨ ᠰᠢᠨᠵᠢ ᠴᠢᠨᠠᠷ ᠵᠢᠴᠢ ᠰᠢᠯᠢᠳᠡᠭᠵᠢᠭᠦᠯᠦᠯ |
作者 |
ᠾᠧ ᠰᠢᠶᠤᠤ ᠯᠦᠩ; ᠬᠠᠰᠴᠢᠯᠠᠭᠤ; ᠨᠢᠩ ᠵᠢᠶᠦ᠋ᠨ; ᠲᠡᠭᠦᠰ |
关键词 |
ᠰᠤᠷᠤᠢᠨᠵᠢᠨ ᠢᠯᠴᠢ ᠦᠢᠯᠡᠴᠢᠯᠡᠭᠡ; ᠺᠶᠦ᠋ᠷᠢ ᠴᠡᠭ; ᠰᠤᠷᠢᠨᠵᠢᠨ ᠡᠧᠨ᠋ᠲ᠋ᠷᠤᠫᠢ ᠶᠢᠨ ᠬᠤᠪᠢᠷᠠᠯᠲᠠ; ᠢᠯᠴᠢ ᠬᠤᠵᠢᠮᠳᠠᠯ |
摘要 |
ᠮᠠᠲ᠋ᠧᠷᠢᠶᠠᠯ Mn1.18Cr0.02Fe0.8P0.95-xGexSi0.05 ᠶᠢ ᠬᠢᠵᠦ ᠪᠦᠲᠦᠭᠡᠬᠦ ᠠᠷᠭ᠎ᠠ ᠪᠠ ᠰᠤᠷᠢᠨᠵᠢᠨ ᠬᠦᠷᠦᠭᠡᠯᠲᠡ ᠶᠢᠨ ᠰᠢᠨᠵᠢ ᠴᠢᠨᠠᠷ ᠵᠢᠴᠢ ᠲᠡᠭᠦᠨ ᠢ ᠰᠢᠯᠢᠳᠡᠭᠵᠢᠭᠦᠯᠬᠦ ᠲᠤᠬᠠᠢ ᠰᠤᠳᠤᠯᠵᠠᠢ᠃ X ᠰᠠᠴᠤᠷᠠᠭ ᠤᠨ ᠲᠦᠭᠡᠯᠲᠡ ᠪᠡ ᠰᠤᠷᠢᠨᠵᠢᠨ ᠴᠢᠨᠠᠷ ᠤᠨ ᠬᠡᠮᠵᠢᠯᠲᠡ ᠪᠡᠷ ᠳᠠᠮᠵᠢᠨ ᠨᠢᠭᠡᠳᠪᠦᠷᠢ ᠶᠢᠨ ᠪᠦᠲᠦᠴᠡ ᠬᠢᠭᠡᠳ ᠰᠤᠷᠢᠨᠵᠢᠨ ᠬᠦᠷᠦᠭᠡᠯᠲᠡ ᠶᠢᠨ ᠰᠢᠨᠵᠢ ᠴᠢᠨᠠᠷ ᠢ ᠰᠤᠳᠤᠯᠤᠭᠰᠠᠨ ᠪᠠᠢᠨ᠎ᠠ᠃ ᠲᠤᠰ ᠨᠢᠭᠡᠳᠪᠦᠷᠢ ᠨᠢ Fe2P ᠮᠠᠶᠢᠭ ᠤᠨ ᠲᠠᠯᠠᠰᠲᠤ ᠪᠡᠶ᠎ᠡ ᠶᠢᠨ ᠪᠦᠲᠦᠴᠡ ᠲᠡᠢ᠃
Si ᠤᠨ ᠨᠡᠮᠡᠭᠳᠡᠬᠦ ᠶᠢ ᠳᠠᠭᠠᠯᠳᠤᠨ Fe2P ᠪᠦᠲᠦᠴᠡ ᠨᠢ ᠲᠤᠭᠲᠠᠪᠤᠷᠢᠵᠢᠨᠠ᠃ ᠲᠤᠷᠰᠢᠯᠲᠠ ᠶᠢᠨ ᠶᠠᠪᠤᠴᠠ ᠠᠴᠠ ᠰᠤᠷᠢᠨᠵᠢᠯᠲᠠ ᠶᠢᠨ ᠬᠦᠴᠦᠯᠡᠴᠡ ᠨᠢ ᠳᠤᠯᠠᠭᠠᠨ ᠤ ᠬᠡᠮᠵᠢᠶ᠎ᠡ ᠶᠢ ᠳᠠᠭᠠᠯᠳᠤᠨ ᠬᠤᠪᠢᠷᠠᠬᠤ ᠵᠢᠷᠤᠮᠠᠭ ᠠᠴᠠ ᠢᠯᠴᠢ ᠬᠤᠵᠢᠮᠳᠠᠯ ᠦᠭᠡᠢ ᠪᠤᠶᠤ ᠲᠤᠩ ᠪᠠᠭ᠎ᠠ ᠭᠡᠳᠡᠭ ᠢ ᠦᠵᠡᠵᠦ ᠭᠠᠷᠤᠨ᠎ᠠ᠃ ᠲᠤᠰ ᠬᠡᠯᠪᠡᠷᠢ ᠶᠢᠨ ᠨᠢᠭᠡᠳᠪᠦᠷᠢ ᠶᠢᠨ ᠺᠶᠦ᠋ᠷᠢ ᠴᠡᠭ ᠨᠢ Ge ᠶᠢᠨ ᠨᠡᠮᠡᠭᠳᠡᠬᠦ ᠶᠢ ᠳᠠᠭᠠᠯᠳᠤᠨ ᠨᠡᠮᠡᠭᠳᠡᠬᠦ ᠪᠦᠭᠡᠳ 0~1.5T ᠭᠠᠳᠠᠭᠠᠳᠤ ᠰᠤᠷᠢᠨᠵᠢᠨ ᠣᠷᠤᠨ ᠤ ᠳᠤᠲᠤᠷ᠎ᠠ ᠬᠠᠮᠤᠭ ᠤᠨ ᠶᠡᠬᠡ ᠢᠵᠢᠯ ᠳᠤᠯᠠᠭᠠᠨᠲᠤ ᠰᠤᠷᠢᠨᠵᠢᠨ ᠡᠧᠨ᠋ᠲ᠋ᠷᠤᠫᠢ ᠶᠢᠨ ᠬᠤᠪᠢᠷᠠᠯᠲᠠ ᠨᠢ 8Jkg-1K-1 ᠪᠤᠯᠬᠤᠷ ᠲᠤᠰ ᠮᠠᠲ᠋ᠧᠷᠢᠶᠠᠯ ᠨᠢ ᠲᠠᠰᠤᠭ ᠤᠨ ᠳᠤᠯᠠᠭᠠᠨ ᠤ ᠣᠷᠴᠢᠨ ᠳᠤ ᠰᠢᠯᠢᠳᠡᠭ ᠰᠤᠷᠢᠨᠵᠢᠨ ᠢᠯᠴᠢ ᠦᠢᠯᠡᠴᠢᠯᠡᠯᠭᠡ ᠲᠠᠢ ᠭᠡᠳᠡᠭ ᠢ ᠮᠡᠳᠡᠵᠡᠢ᠃ |
原文 |
没有原文
|
出自 |
内蒙古师范大学学报(自然科学蒙古文版)
2010年
第1期
|