题名 |
ᠮᠣᠩᠭᠤᠯᠴᠤᠳ ᠤᠨ ᠲᠣᠮ ᠰᠢᠪᠰᠢᠯᠭᠡ ᠶᠢᠨ ᠵᠠᠩ ᠦᠢᠯᠡ ᠵᠢ ᠦᠭᠦᠯᠡᠬᠦ ᠨᠢ——ᠠᠷᠤ ᠬᠤᠷᠴᠢᠨ ᠮᠣᠩᠭᠤᠯᠴᠤᠳ ᠤᠨ ᠲᠤᠮ ᠰᠢᠪᠰᠢᠯᠭᠡ ᠶᠢᠨ ᠵᠢᠱᠢᠶᠡᠨ ᠲᠡᠭᠡᠷ ᠡ |
作者 |
ᠤᠷᠭᠤᠮᠠᠯ |
关键词 |
ᠮᠣᠩᠭᠤᠯᠴᠤᠳ; ᠲᠤᠮ ; ᠰᠢᠪᠰᠢᠯᠭᠡ ᠶᠣᠰᠤᠯᠠᠯ; ᠦᠢᠯᠡ; ᠷᠢᠳᠢ ᠰᠢᠳᠢ; |
摘要 |
ᠲᠤᠮ ᠰᠢᠪᠰᠢᠯᠭᠡ ᠪᠣᠯ ᠮᠣᠩᠭᠤᠯ ᠰᠣᠶᠣᠯ ᠤᠨ ᠨᠢᠭᠡᠨ ᠪᠦᠷᠢᠯᠳᠦᠭᠦᠨ ᠬᠡᠰᠡᠭ ᠪᠣᠯᠤᠨ ᠠ᠃ ᠮᠣᠩᠭᠤᠯᠴᠤᠳ ᠤᠨ ᠲᠣᠮ ᠰᠢᠪᠰᠢᠯᠭᠡ ᠨᠢ ᠡᠷᠲᠡᠨ ᠤ ᠮᠣᠩᠭᠤᠯᠴᠤᠳ ᠤᠨ ᠪᠠᠯᠠᠷᠯᠢᠭ ᠰᠦᠰᠦᠭ ᠪᠢᠰᠢᠷᠡᠯ ᠤᠨ ᠰᠡᠳᠬᠢᠬᠦᠢ ᠳ᠋ᠤ ᠰᠠᠭᠤᠷᠢᠯᠠᠨ ᠶᠠᠮᠠᠷ ᠨᠢᠭᠡᠨ ᠨᠢᠭᠤᠴᠠ ᠲᠠᠯᠲᠠ ᠶᠢᠨ ᠷᠢᠳᠢ ᠰᠢᠳᠢ ᠶᠢᠨ ᠬᠦᠴᠦᠨ ᠪᠠ ᠦᠭᠡ ᠬᠡᠯᠡᠨ ᠤ ᠣᠨᠴᠤᠭᠤᠢ ᠷᠢᠳᠢ ᠰᠢᠳᠢ ᠵᠢ ᠰᠦᠰᠦᠭᠯᠡᠨ ᠢᠳᠡᠭᠡᠭᠰᠡᠨ ᠨᠢᠯᠬᠠᠭᠰᠠᠭ ᠭᠡᠨᠡᠨ ᠲᠠᠨᠢᠯᠲᠠ ᠶᠢᠨ ᠰᠠᠭᠤᠷᠢᠨ ᠲᠡᠭᠡᠷ ᠡ ᠪᠣᠢ ᠪᠣᠯᠤᠭᠰᠠᠨ ᠶᠣᠰᠤᠯᠠᠯ ᠤᠨ ᠦᠢᠯᠡ ᠠᠵᠢᠯᠯᠠᠭ᠎ᠠ᠂ ᠰᠢᠨᠵᠢᠯᠡᠬᠦ ᠤᠬᠠᠭᠠᠨ ᠪᠠ ᠱᠠᠰᠢᠨ ᠰᠤᠷᠲᠠᠬᠤᠨ ᠲᠠᠢ ᠨᠢᠭᠲᠠ ᠬᠠᠷᠢᠴᠠᠭ᠎ᠠ ᠲᠠᠢ ᠡᠷᠲᠡᠨ ᠤ ᠬᠦᠮᠦᠰ ᠼᠨ ᠰᠣᠶᠣᠯ ᠤᠨ ᠤᠬᠠᠮᠰᠠᠷ ᠤᠨ ᠨᠢᠭᠡᠨ ᠢᠯᠡᠷᠡᠯ ᠪᠣᠯᠤᠨ᠎ᠠ᠃ ᠲᠤᠮ ᠰᠢᠪᠰᠢᠯᠭᠡ ᠵᠢ ᠰᠣᠳᠤᠯᠬᠤ ᠨᠢ ᠮᠠᠰᠢ ᠰᠤᠨᠢᠷᠬᠠᠯᠲᠠᠢ ᠪᠠᠢᠵᠤ᠂ ᠮᠠᠨ ᠤ ᠮᠣᠩᠭᠤᠯ ᠦᠨᠳᠦᠰᠦᠲᠡᠨ ᠤ ᠢᠵᠠᠭᠤᠷ ᠰᠣᠶᠣᠯ᠂ ᠵᠠᠩ ᠦᠢᠯᠡ ᠵᠢ ᠲᠠᠨᠢᠵᠤ ᠤᠢᠯᠠᠭᠠᠬᠤ ᠳ᠋ᠤ ᠮᠠᠰᠢ ᠶᠡᠬᠡ ᠦᠨ᠎ᠠ ᠦᠷᠲᠡᠭ ᠲᠠᠢ ᠶᠣᠮ᠃ |
原文 |
查看原文
|
出自 |
赤峰学院学报(蒙文哲学社会科学版)
2015年
第2期
|