摘要 |
ᠲᠤᠰ ᠦᠭᠦᠯᠡᠯ ᠳ᠋ᠤ ᠪᠠᠶᠠᠳ ᠠᠮᠠᠨ ᠠᠶᠠᠯᠭᠤᠨ ᠤ ᠡᠭᠦᠰᠦᠯ ᠪᠦᠷᠢᠯᠳᠦᠯ ᠢ ᠲᠡᠭᠦᠨ ᠤ ᠨᠡᠢᠭᠡᠮ ᠤᠨ ᠲᠡᠦᠬᠡ ᠲᠠᠢ ᠬᠠᠮᠲᠤ ᠳ᠋ᠤᠨᠢ ᠲᠤᠪᠴᠢ ᠪᠡᠷ ᠦᠭᠦᠯᠡᠵᠦ᠂ ᠡᠷᠳᠡᠮᠲᠡᠳ ᠤᠨ ᠰᠣᠳᠤᠯᠤᠭᠰᠠᠨ ᠪᠠᠢᠳᠠᠯ ᠢ ᠲᠠᠨᠢᠯᠴᠠᠭᠤᠯᠤᠭᠰᠠᠨ ᠪᠠ ᠴᠢᠨᠠᠭᠰᠢᠲᠠ ᠲᠤᠳᠤᠷᠬᠠᠢᠯᠠᠨ ᠪᠢᠴᠢᠬᠦ ᠠᠷᠭ᠎ᠠ ᠪᠡᠷ ᠪᠠᠶᠠᠳ ᠠᠮᠠᠨ ᠠᠶᠠᠯᠭᠤᠨ ᠤ ᠡᠭᠡᠰᠢᠭ ᠠᠪᠢᠶᠠᠯᠠᠪᠤᠷᠢ᠂ ᠬᠡᠢᠢᠭᠦᠯᠦᠭᠴᠢ ᠠᠪᠢᠶᠠᠯᠠᠪᠤᠷᠢ ᠵᠢᠴᠢ ᠲᠡᠳᠡᠭᠡᠷ ᠤᠨ ᠵᠣᠬᠢᠴᠠᠯ ᠢ ᠮᠠᠯᠴᠢᠨ ᠰᠣᠮᠤ ᠶᠢᠨ ᠣᠳᠣ ᠶᠢᠨ ᠠᠮᠢᠲᠤ ᠶᠠᠷᠢᠶᠠᠨ ᠤ ᠮᠠᠲ᠋ᠧᠷᠢᠶᠠᠯ ᠳ᠋ᠤ ᠰᠠᠭᠤᠷᠢᠯᠠᠨ ᠰᠣᠳᠤᠯᠵᠤ ᠰᠢᠨᠵᠢᠯᠡᠬᠦ ᠳ᠋ᠡᠭᠡᠨ ᠨᠡᠢᠭᠡᠮ ᠬᠡᠯᠡ ᠰᠢᠨᠵᠢᠯᠡᠯ ᠤᠨ ᠬᠤᠪᠢ ᠡᠴᠡ ᠡᠷᠡᠭᠲᠡᠢ ᠡᠮᠡᠭᠲᠡᠢ᠂ ᠬᠦᠭᠰᠢᠨ᠂ ᠵᠠᠯᠠᠭᠤ ᠵᠡᠷᠭᠡ ᠨᠡᠢᠭᠡᠮ ᠤᠨ ᠠᠳᠠᠯᠢ ᠪᠣᠰᠤ ᠪᠦᠷᠢᠯᠳᠦᠭᠦᠨ ᠤ ᠬᠡᠯᠡ ᠶᠠᠷᠢᠶ ᠠ ᠵᠢ ᠮᠦᠨ ᠠᠩᠬᠠᠷᠴᠤ ᠰᠢᠨᠵᠢᠯᠡᠭᠰᠡᠨ ᠪᠠᠢᠳᠠᠭ᠃ |