题名 |
ᠮᠣᠩ᠋ᠭᠤᠯ ᠡᠮ ᠦᠨ ᠮᠠᠲ᠋ᠧᠷᠢᠶᠠᠯ ᠪᠦᠭᠡᠷᠡᠯᠵᠢᠭᠡᠨ᠎ᠡ ᠪᠡ ᠪᠤᠭᠤᠨ ᠪᠤᠯᠳᠤᠢ ᠶᠢᠨ ᠦᠷᠪᠢᠰᠦᠯ ᠢ ᠳᠠᠷᠤᠬᠤ ᠪᠤᠯᠤᠨ ᠬᠠᠨᠢᠶᠠᠬᠤ ᠶᠢ ᠵᠤᠭᠰᠤᠭᠠᠬᠤ ᠦᠢᠯᠡᠳᠦᠯ ᠦᠨ ᠲᠤᠬᠠᠢ ᠡᠮ ᠦᠨ ᠵᠦᠢ ᠶᠢᠨ ᠰᠤᠳᠤᠯᠭ᠎ᠠ |
作者 |
ᠡᠦ ᠰᠢᠶᠠᠩ ᠵᠢᠶᠧ; ᠪᠦᠬᠡᠪᠠᠭᠠᠲᠤᠷ; ᠴᠠᠰᠤᠨ᠎ᠠ |
关键词 |
ᠪᠦᠭᠡᠷᠡᠯᠵᠢᠭᠡᠨ᠎ᠡ; ᠪᠤᠭᠤᠨ ᠪᠤᠯᠳᠤᠢ; ᠠᠮᠢᠲᠠᠨ ᠤ ᠲᠤᠷᠰᠢᠯᠲᠠ; ᠡᠮ ᠦᠨ ᠵᠦᠢ ᠶᠢᠨ ᠰᠤᠳᠤᠯᠭ᠎ᠠ |
摘要 |
ᠵᠤᠷᠢᠯᠭ᠎ᠠ᠄ ᠮᠣᠩ᠋ᠭᠤᠯ ᠡᠮ ᠦᠨ ᠮᠠᠲ᠋ᠧᠷᠢᠶᠠᠯ ᠪᠦᠭᠡᠷᠡᠯᠵᠢᠭᠡᠨ᠎ᠡ ᠪᠡ ᠪᠤᠭᠤᠨ ᠪᠤᠯᠳᠤᠢ ᠶᠢᠨ ᠦᠷᠪᠢᠰᠦᠯ ᠢ ᠳᠠᠷᠤᠬᠤ᠂ ᠬᠠᠨᠢᠶᠠᠬᠤ ᠶᠢ ᠵᠤᠭᠰᠤᠭᠠᠬᠤ ᠡᠮ ᠦᠨ ᠵᠦᠢ ᠶᠢᠨ ᠦᠢᠯᠡᠳᠦᠯ ᠢ ᠲᠤᠰ ᠲᠤᠰ ᠲᠤ ᠨᠢ ᠰᠢᠵᠢᠯᠡᠬᠦ ᠶᠢᠨ ᠬᠠᠮᠲᠤ᠂ ᠨᠤᠮᠤᠬᠠᠳᠬᠠᠭᠰᠠᠨ ᠪᠠ ᠨᠤᠮᠤᠬᠠᠳᠬᠠᠭᠰᠠᠨ ᠦᠭᠡᠢ ᠡᠮ ᠦᠨ ᠮᠠᠲ᠋ᠧᠷᠢᠶᠠᠯ ᠤᠨ ᠬᠤᠭᠤᠷᠤᠨᠳᠤᠬᠢ ᠡᠮ ᠦᠨ ᠵᠦᠢ ᠶᠢᠨ ᠦᠢᠯᠡᠳᠦᠯ ᠦᠨ ᠵᠦᠷᠢᠶ᠎ᠡ ᠶᠢ ᠡᠷᠢᠨ᠎ᠡ᠃ ᠠᠷᠭ᠎ᠠ᠄ ᠬᠤᠶᠠᠷ ᠮᠧᠲ᠋ᠢᠯᠲᠤ ᠪᠧᠨ᠋ᠽᠧᠨ ᠢᠶᠡᠷ ᠪᠢᠴᠢᠬᠠᠨ ᠬᠤᠯᠤᠭᠠᠨ᠎ᠠ ᠶᠢᠨ ᠴᠢᠬᠢᠨ ᠳᠦ ᠬᠠᠪᠤᠲᠠᠢ ᠡᠭᠦᠰᠭᠡᠬᠦ ᠵᠠᠭᠪᠤᠷ ᠤᠨ ᠠᠷᠭ᠎ᠠ ᠵᠢᠴᠢ ᠰᠢᠪᠲᠤᠷ ᠬᠡᠢ ᠪᠡᠷ ᠰᠡᠳᠡᠯᠲᠡ (ᠰᠡᠳᠦᠯᠲᠡ) ᠦᠭᠴᠦ ᠬᠠᠨᠢᠶᠠᠯᠭᠠᠬᠤ ᠵᠠᠭᠪᠤᠷ ᠤᠨ ᠠᠷᠭ᠎ᠠ ᠵᠡᠷᠭᠡ ᠶᠢ ᠬᠡᠷᠡᠭᠯᠡᠵᠦ ᠪᠦᠭᠡᠷᠡᠯᠵᠢᠭᠡᠨ᠎ᠡ ᠪᠡ ᠪᠤᠭᠤᠨ ᠪᠤᠯᠳᠤᠢ ᠶᠢᠨ ᠦᠷᠪᠢᠰᠦᠯ ᠢ ᠳᠠᠷᠤᠬᠤ᠂ ᠬᠠᠨᠢᠶᠠᠬᠤ ᠶᠢ ᠵᠤᠭᠰᠤᠭᠠᠬᠤ ᠡᠮ ᠦᠨ ᠵᠦᠢ ᠶᠢᠨ ᠦᠢᠯᠡᠳᠦᠯ ᠢ ᠨᠢ ᠬᠠᠷᠢᠴᠠᠭᠤᠯᠤᠨ ᠰᠤᠳᠤᠯᠪᠠ᠃ ᠦᠷ᠎ᠡ ᠳ᠋ᠦᠩ᠌᠄ ᠪᠦᠭᠡᠷᠡᠯᠵᠢᠭᠡᠨ᠎ᠡ ᠪᠡ ᠪᠤᠭᠤᠨ ᠪᠤᠯᠳᠤᠢ ᠶᠢᠨ ᠤᠰᠤᠨ ᠳᠤ ᠴᠢᠨᠠᠭᠰᠠᠨ ᠲᠠᠩ (8.6g·kg) ᠨᠢ ᠪᠦᠷ ᠬᠤᠶᠠᠷ ᠮᠧᠲ᠋ᠢᠯᠲᠦ ᠪᠧᠨ᠋ᠽᠧᠨ ᠢᠶᠡᠷ ᠡᠭᠦᠰᠭᠡᠭ᠍ᠰᠡᠨ ᠪᠢᠴᠢᠬᠠᠨ ᠬᠤᠯᠤᠭᠠᠨ᠎ᠠ ᠶᠢᠨ ᠴᠢᠬᠢᠨ ᠦ ᠦᠷᠪᠢᠰᠦᠯᠲᠦ ᠬᠠᠪᠤᠲᠠᠷ ᠢ ᠳᠠᠷᠤᠬᠤ ᠦᠢᠯᠡᠳᠦᠯ ᠲᠡᠢ᠂ ᠲᠡᠭᠦᠨ ᠢ ᠬᠤᠭᠤᠰᠤᠨ ᠬᠠᠷᠢᠴᠠᠭᠤᠯᠤᠭᠴᠢ ᠳᠤᠭᠤᠢ᠌ᠯᠠᠩ ᠲᠠᠢ ᠬᠠᠷᠢᠴᠠᠭᠤᠯᠬᠤ ᠳᠤ ᠬᠤᠭᠤᠷᠤᠨᠳᠤ ᠪᠠᠨ ᠢᠯᠡᠳᠲᠡ ᠵᠦᠷᠢᠶ᠎ᠡ ᠲᠡᠢ (P<0.05); ᠰᠢᠪᠲᠦᠷ ᠦᠨ ᠬᠡᠢ ᠶᠢᠨ ᠰᠡᠳᠡᠯᠲᠡ (ᠰᠡᠳᠦᠯᠲᠡ) ᠡᠴᠡ ᠪᠤᠯᠤᠭᠰᠠᠨ ᠪᠢᠴᠢᠬᠠᠨ ᠬᠤᠯᠤᠭᠠᠨ᠎ᠠ ᠶᠢᠨ ᠬᠠᠨᠢᠶᠠᠬᠤ ᠶᠢ ᠵᠤᠭᠰᠤᠭᠠᠬᠤ ᠦᠢᠯᠡᠳᠦᠯ ᠲᠡᠢ᠂ ᠲᠡᠭᠦᠨ ᠢ ᠬᠤᠭᠤᠰᠤᠨ ᠬᠠᠷᠢᠴᠠᠭᠤᠯᠤᠭᠴᠢ ᠳᠤᠭᠤᠢ᠌ᠯᠠᠩ ᠲᠠᠢ ᠬᠠᠷᠢᠴᠠᠭᠤᠯᠬᠤ ᠳᠤ ᠬᠤᠭᠤᠷᠤᠨᠳᠤ ᠪᠠᠨ ᠲᠤᠩ ᠢᠯᠡᠳᠲᠡ ᠵᠦᠷᠢᠶ᠎ᠡ ᠲᠡᠢ (P<0.01)᠃ ᠪᠦᠭᠡᠷᠡᠯᠵᠢᠭᠡᠨ᠎ᠡ ᠪᠡ ᠪᠤᠭᠤᠨ ᠪᠤᠯᠳᠤᠢ ᠨᠢ ᠡᠮ ᠦᠨ ᠵᠦᠢ ᠶᠢᠨ ᠦᠢᠯᠡᠳᠦᠯ ᠦᠨ ᠲᠠᠯ᠎ᠠ ᠪᠠᠷ ᠬᠤᠭᠤᠷᠤᠨᠳᠤ ᠪᠠᠨ ᠢᠯᠡᠳᠲᠡ ᠵᠦᠷᠢᠶ᠎ᠡ ᠦᠭᠡᠢ ᠪᠦᠭᠡᠳ ᠲᠡᠳᠡᠭᠡᠷ ᠦᠨ ᠨᠤᠮᠤᠬᠠᠳᠬᠠᠭᠰᠠᠨ ᠪᠠ ᠨᠤᠮᠤᠬᠠᠳᠬᠠᠭᠰᠠᠨ ᠦᠭᠡᠢ ᠡᠮ ᠦᠨ ᠮᠠᠲ᠋ᠧᠷᠢᠶᠠᠯ ᠨᠢ ᠪᠠᠰᠠ ᠡᠮ ᠦᠨ ᠵᠦᠢ ᠶᠢᠨ ᠦᠢᠯᠡᠳᠦᠯ ᠦᠨ ᠲᠠᠯ᠎ᠠ ᠪᠠᠷ ᠬᠤᠭᠤᠷᠤᠨᠳᠤ ᠪᠠᠨ ᠮᠡᠳᠡᠭᠳᠡᠮ᠎ᠡ ᠵᠦᠷᠢᠶᠡᠨ ᠦᠭᠡᠢ᠃ ᠳ᠋ᠦᠩᠨᠡᠯᠲᠡ᠄ ᠡᠮ ᠦᠨ ᠵᠦᠢ ᠶᠢᠨ ᠰᠤᠳᠤᠯᠭ᠎ᠠ ᠶᠢᠨ ᠭᠡᠷᠡᠴᠢᠯᠡᠭᠰᠡᠨ ᠢᠶᠡᠷ᠂ ᠮᠣᠩ᠋ᠭᠤᠯ ᠡᠮ ᠦᠨ ᠮᠠᠲ᠋ᠧᠷᠢᠶᠠᠯ ᠪᠦᠭᠡᠷᠡᠯᠵᠢᠭᠡᠨ᠎ᠡ ᠪᠡ ᠪᠤᠭᠤᠨ ᠪᠤᠯᠳᠤᠢ ᠨᠢ ᠴᠦᠮ ᠦᠷᠪᠢᠰᠦᠯ ᠢ ᠳᠠᠷᠤᠬᠤ᠂ ᠬᠠᠨᠢᠶᠠᠬᠤ ᠶᠢ ᠵᠤᠭᠰᠤᠭᠠᠬᠤ ᠦᠢᠯᠡᠳᠦᠯ ᠲᠡᠢ᠃ ᠡᠢ᠌ᠨ ᠭᠦ᠂ ᠡᠮᠴᠢᠯᠡᠭᠡᠨ ᠳᠡᠭᠡᠷ ᠡ ᠲᠡᠳᠡᠭᠡᠷ ᠢ ᠨᠤᠮᠤᠬᠠᠳᠬᠠᠬᠤ ᠦᠭᠡᠢ ᠪᠡᠷ ᠬᠡᠷᠡᠭᠯᠡᠵᠦ ᠪᠤᠯᠤᠨ᠎ᠠ᠃ |
原文 |
查看原文
|
出自 |
内蒙古民族大学学报(蒙医药学)
2012年
第1期
|