摘要 |
ᠣᠷᠤᠨ ᠵᠠᠢ ᠪᠠ ᠴᠠᠭ ᠵᠠᠢ ᠪᠤᠯ ᠠᠯᠢᠪᠠ ᠪᠤᠳᠠᠰ ᠤᠨ ᠬᠠᠮᠤᠭ ᠦᠨᠳᠦᠰᠦᠨ ᠣᠷᠤᠰᠢᠬᠤᠢ ᠬᠡᠯᠪᠡᠷᠢ ᠪᠤᠯᠤᠨ᠎ᠠ᠃ ᠰᠢᠯᠦᠭ ᠪᠤᠯ ᠣᠷᠤᠨ ᠴᠠᠭ ᠬᠠᠮᠲᠤᠷᠠᠭᠰᠠᠨ ᠤᠷᠠᠯᠢᠭ᠃ ᠰᠢᠯᠦᠭ ᠦᠨ ᠣᠷᠤᠨ ᠴᠠᠭ ᠤᠨ ᠪᠦᠲᠦᠴᠡ ᠶᠢᠨ ᠬᠤᠪᠢᠰᠤᠯ ᠨᠢ ᠶᠠᠮᠠᠷ ᠨᠢᠭᠡᠨ ᠲᠠᠯ᠎ᠠ ᠠᠴᠠ ᠰᠢᠯᠦᠭ ᠦᠨ ᠭᠤᠤ᠎ᠠ ᠲᠠᠭᠠᠰᠢᠶᠠᠯ ᠤᠨ ᠬᠤᠪᠢᠰᠤᠯᠲᠠ ᠶᠢ ᠬᠠᠷᠠᠭᠤᠯᠵᠤ ᠪᠠᠢ᠌ᠳᠠᠭ᠃ ᠲᠤᠰ ᠦᠭᠦᠯᠡᠯ ᠰᠢᠨ᠎ᠡ ᠡᠷᠡᠨ ᠦ ᠮᠣᠩ᠋ᠭᠤᠯ ᠰᠢᠯᠦᠭ ᠦᠨ ᠣᠷᠤᠨ ᠴᠠᠭ ᠤᠨ ᠪᠦᠲᠦᠴᠡ ᠳᠦ ᠠᠵᠢᠭᠯᠠᠯᠲᠠ ᠬᠢᠵᠦ᠂ ᠲᠡᠭᠦᠨ ᠦ ᠡᠮᠦᠨᠡᠬᠢ ᠰᠢᠥᠯᠦᠭ ᠡᠴᠡ ᠢᠯᠭᠠᠭᠳᠠᠬᠤ ᠣᠨᠴᠠᠯᠢᠭ ᠢ ᠰᠡᠳᠬᠢᠴᠡ ᠶᠢᠨ ᠣᠷᠤᠨ ᠴᠠᠭ ᠭᠡᠵᠦ ᠬᠤᠷᠢᠶᠠᠩ᠋ᠭᠤᠢ᠌ᠯᠠᠨ ᠦᠭᠦᠯᠡᠵᠡᠢ᠃ ᠰᠢᠯᠦᠭᠴᠢᠳ ᠦᠨ ᠣᠷᠤᠨ ᠴᠠᠭ ᠤᠨ ᠣᠢ᠌ᠯᠠᠭᠠᠯᠲᠠ ᠠᠬᠤᠢ ᠶᠢᠨ ᠣᠷᠤᠨ ᠴᠠᠭ ᠤᠨ ᠳᠠᠭᠤᠷᠢᠶᠠᠯ ᠪᠠᠢ᠌ᠭᠰᠠᠨ ᠠᠴᠠ ᠪᠠᠨ ᠨᠡᠩ ᠨᠡᠭᠡᠭᠡᠯᠳᠡᠯᠢᠭ᠂ ᠨᠡᠩ ᠴᠢᠯᠦᠭᠡᠲᠡᠢ᠂ ᠨᠡᠩ ᠪᠡᠶᠡᠴᠢ ᠰᠢᠨᠵᠢᠯᠢᠭ ᠰᠡᠳᠬᠢᠴᠡ ᠢᠨ ᠣᠷᠤᠨ ᠴᠠᠭ ᠤᠷᠤᠭᠤ ᠬᠡᠯᠪᠡᠢ᠌ᠭᠰᠡᠨ ᠨᠢ ᠤᠷᠠᠯᠢᠭ ᠤᠨ ᠮᠦᠨ ᠴᠢᠨᠠᠷ ᠲᠤ ᠲᠦᠭᠦᠭ᠍ᠰᠡᠨ ᠠᠮᠵᠢᠯᠲᠠ ᠭᠡᠵᠦ ᠦᠵᠡᠪᠡ᠃ ᠦᠭᠦᠯᠡᠯ ᠳᠦ ᠰᠡᠳᠬᠢᠴᠡ ᠶᠢᠨ ᠣᠷᠤᠨ ᠴᠠᠭ ᠪᠦᠲᠦᠭᠡᠬᠦ ᠠᠷᠭ᠎ᠠ ᠪᠠᠷᠢᠯ ᠢ ᠦᠭᠦᠯᠡᠭᠰᠡᠨ ᠪᠠᠢ᠌ᠨ᠎ᠠ᠃ |