摘要 |
ᠢᠨᠵᠠᠨᠨᠠᠰᠢ 《ᠬᠦᠬᠡ ᠰᠤᠳᠤᠷ》 ᠢ ᠵᠣᠬᠢᠶᠠᠬᠤ ᠳ᠋ᠡᠭᠠᠨ ᠠᠷᠪᠠᠨ ᠵᠦᠢᠯ ᠤᠨ ᠲᠡᠦᠬᠡ ᠰᠣᠳᠤᠷ ᠢ ᠠᠰᠢᠭᠯᠠᠭᠰᠠᠨ ᠭᠡᠵᠦ《ᠲᠤᠪᠴᠢᠲᠤ ᠲᠤᠯᠲᠠ ᠶᠢᠨ ᠭᠤᠳᠠᠭᠠᠷ ᠠᠩᠬᠢ》ᠳ᠋ᠤ ᠲᠡᠮᠳᠡᠭᠯᠡᠵᠦ ᠪᠠᠢᠬᠤ ᠪᠦᠭᠡᠳ ᠲᠡᠭᠦᠨ ᠤ ᠵᠢᠭᠰᠠᠭᠠᠭᠰᠠᠨ ᠨᠣᠮ ᠤᠨ ᠨᠡᠷᠡᠰ ᠤᠨ ᠲᠤᠳᠤᠷ ᠠ《ᠲᠠᠯᠠᠢ ᠪᠠᠯᠮ ᠠ ᠶᠢᠨ ᠵᠠᠯᠠᠭᠤᠰ ᠤᠨ ᠬᠤᠷᠢᠮ》ᠭᠡᠳᠡᠭ ᠨᠣᠮ ᠪᠤᠢ᠃ ᠲᠠᠪᠤᠳᠤᠭᠠᠷ ᠲᠠᠯᠠᠢ ᠯᠠᠮᠠ ᠯᠤᠪᠰᠠᠩᠵᠠᠮᠰᠤ ᠶᠢᠨ 1643ᠣᠨ ᠳ᠋ᠤ ᠪᠢᠴᠢᠭᠰᠡᠨ 《ᠴᠠᠰᠤᠲᠤ ᠣᠷᠤᠨ ᠢ ᠵᠠᠬᠢᠷᠤᠭᠴᠢ ᠬᠠᠳ ᠨᠤᠶᠠᠳ ᠤᠨ ᠲᠡᠦᠬᠡ ᠵᠠᠯᠠᠭᠤᠰ ᠤᠨ ᠬᠤᠷᠢᠮ ᠬᠡᠮᠡᠬᠦ ᠱᠤᠪᠰᠢᠭᠤᠷ ᠰᠢᠪᠠᠭᠤᠨ ᠤ ᠲᠠᠭᠤᠯᠠᠯ》ᠬᠡᠮᠡᠬᠦ ᠵᠣᠬᠢᠶᠠᠯ ᠨᠢ ᠲᠦᠪᠡᠳ ᠬᠡᠯᠡ ᠪᠡᠷ ᠵᠣᠬᠢᠶᠠᠭᠳᠠᠭᠰᠠᠨ ᠲᠦᠪᠡᠳ ᠤᠷᠤᠨ ᠤ ᠱᠠᠰᠢᠨ ᠲᠦᠷᠦ ᠶᠢᠨ ᠲᠡᠦᠬᠡ ᠪᠣᠯᠤᠨ᠎ᠠ᠃ ᠮᠦᠨ ᠬᠦᠨ ᠤ ᠲᠣᠬᠠᠢ 《ᠠᠰᠠᠷᠠᠭᠴᠢ ᠨᠡᠷᠡᠲᠦ ᠶᠢᠨ ᠲᠡᠦᠬᠡ ᠶᠢᠨ ᠲᠠᠢᠯᠪᠤᠷᠢ 4》ᠳ᠋ᠤ ᠬᠦᠳᠡᠭᠡ ᠶᠢᠨ ᠫᠠᠷᠠᠩᠯᠠᠢ ᠬᠡᠯᠡᠭᠰᠡᠨ ᠨᠢ᠄《ᠲᠦᠪᠡᠳ ᠤᠷᠤᠨ᠎ᠠ ᠪᠤᠳ᠋ᠳ᠋ᠾᠠ ᠶᠢᠨ ᠱᠠᠰᠢᠨ ᠲᠡᠯᠭᠡᠷᠡᠭᠰᠡᠨ ᠢ ᠭᠤᠤᠯᠯᠠᠨ ᠪᠢᠴᠢᠵᠦᠬᠦᠢ᠃ ᠦᠨᠡᠨ ᠳ᠋ᠡᠭᠡᠨ ᠮᠣᠩᠭᠤᠯ ᠤᠨ ᠲᠡᠦᠬᠡᠨᠠ ᠬᠤᠯᠪᠤᠭᠳᠠᠬᠤ ᠵᠦᠢᠯ ᠶᠡᠬᠡ ᠦᠭᠡᠢ ᠪᠤᠢ 》ᠭᠡᠵᠡᠢ᠃ |