题名 |
ᠮᠣᠩᠭᠣᠯᠴᠤᠳ ᠤᠨ ᠨᠤᠮ ᠤᠨ ᠰᠢᠭᠦᠮᠵᠢ ᠳᠡᠬᠢ ᠴᠤᠬᠤᠯᠠᠪᠤᠷᠢᠯᠠᠬᠤ ᠦᠵᠡᠭᠳᠡᠯ ᠬᠢᠭᠡᠳ ᠬᠠᠰᠪᠤ ᠶᠢᠨ ᠴᠤᠬᠤᠯᠠᠪᠤᠷᠢᠯᠠᠨ ᠰᠢᠭᠦᠮᠵᠢᠯᠡᠬᠦ ᠠᠷᠭ᠎ᠠ ᠪᠠᠷᠢᠯ |
作者 |
ᠰ᠂ ᠤᠳᠬᠤᠨᠪᠠᠶᠠᠷ |
关键词 |
ᠬᠠᠰᠪᠤ; ᠨᠤᠮ ᠤᠨ ᠰᠢᠭᠦᠮᠵᠢ; ᠴᠤᠬᠤᠯᠠᠪᠤᠷᠢᠯᠠᠨ ᠰᠢᠭᠦᠮᠵᠢᠯᠡᠬᠦ |
摘要 |
ᠮᠣᠩᠭᠣᠯᠴᠤᠳ ᠤᠨ ᠨᠤᠮ ᠤᠨ ᠰᠢᠭᠦᠮᠵᠢ ᠳᠡᠬᠢ ᠤᠯᠠᠮᠵᠢᠯᠠᠯᠲᠤ ᠬᠡᠪ ᠵᠠᠭᠪᠤᠷ ᠲᠤ ᠤᠷᠤᠰᠢᠯ ᠭᠠᠷᠭᠠᠯᠭ᠎ᠠ᠂ ᠴᠤᠬᠤᠯᠠᠪᠤᠷᠢᠯᠠᠯ ᠪᠢᠨᠳᠤᠯᠠᠯ᠂ ᠰᠤᠯᠠ ᠲᠡᠮᠳᠡᠭᠯᠡᠯ ᠵᠡᠷᠭᠡ ᠪᠤᠢ᠃ ᠴᠤᠬᠤᠯᠠᠪᠤᠷᠢᠯᠠᠨ ᠪᠢᠨᠳᠦᠯᠡᠬᠦ ᠪᠤᠯ ᠨᠤᠮ ᠤᠨ ᠰᠢᠭᠦᠮᠵᠢ ᠶᠢᠨ ᠤᠨᠴᠠᠭᠠᠢ ᠨᠢᠭᠡᠨ ᠬᠡᠪ ᠵᠠᠭᠪᠤᠷ ᠪᠤᠯᠤᠨ᠎ᠠ᠃ ᠲᠡᠷᠡ ᠨᠢ ᠵᠤᠬᠢᠶᠠᠭᠴᠢ ᠬᠢᠭᠡᠳ ᠤᠩᠰᠢᠭᠴᠢ ᠶᠢ ᠨᠡᠪᠲᠡᠷᠡᠯᠴᠡᠭᠦᠯᠬᠦ ᠨᠢᠭᠡ ᠵᠤᠶᠢᠯ ᠤᠨ ᠴᠢᠬᠤᠯᠠ ᠠᠷᠭ᠎ᠠ ᠪᠠᠷᠢᠯ ᠪᠤᠯᠤᠭᠰᠠᠨ ᠶᠤᠮ᠃ ᠮᠣᠩ᠌ᠭᠣᠯᠴᠤᠳ ᠤᠨ ᠴᠤᠬᠤᠯᠠᠪᠤᠷᠢᠯᠠᠬᠤ ᠪᠢᠨᠳᠦᠯᠡᠬᠦ ᠦᠵᠡᠭᠳᠡᠯ 18᠋ ᠳᠤᠭᠠᠷ ᠵᠠᠭᠤᠨ ᠤ ᠰᠢᠭᠦᠮᠵᠢ ᠪᠡᠷ ᠪᠤᠢ ᠪᠤᠯᠵᠠᠢ᠃ ᠲᠡᠷᠡ ᠦᠶ᠎ᠡ ᠡᠴᠡ ᠮᠣᠩᠭᠣᠯ ᠦᠨᠳᠦᠰᠦᠲᠡᠨ ᠦ ᠨᠤᠮ ᠤᠨ ᠰᠢᠭᠦᠮᠵᠢ ᠶᠢᠨ ᠲᠡᠦᠬᠡᠨ ᠳᠦ ᠬᠠᠪᠤ ᠵᠡᠷᠭᠡ ᠭᠠᠷᠮᠠᠭᠠᠢ ᠴᠤᠬᠤᠯᠠᠪᠤᠷᠢᠯᠠᠭᠴᠢᠳ ᠮᠡᠨᠳᠦᠯᠡᠭᠰᠡᠨ ᠪᠠᠶᠢᠭ᠎ᠠ ᠶᠤᠮ᠃ ᠤᠨᠤᠯ ᠢᠶᠠᠷ ᠤᠳᠤᠷᠢᠳᠤᠮᠵᠢ ᠪᠤᠯᠭᠠᠬᠤ᠂ ᠦᠯᠢᠭᠡᠷᠯᠡᠨ ᠬᠠᠷᠢᠴᠠᠭᠤᠯᠬᠤ᠂ ᠲᠤᠶᠠᠴᠢᠨ ᠵᠠᠳᠠᠯᠬᠤ ᠵᠡᠷᠭᠡ ᠪᠤᠯ ᠬᠠᠰᠪᠤ ᠶᠢᠨ ᠴᠤᠬᠤᠯᠠᠪᠤᠷᠢ ᠰᠢᠭᠦᠮᠵᠢ ᠶᠢᠨ ᠴᠢᠬᠤᠯᠠ ᠠᠷᠭ᠎ᠠ ᠪᠠᠷᠢᠯ ᠪᠠ ᠬᠡᠪ ᠨᠠᠮᠪᠠ ᠪᠤᠯᠤᠨ᠎ᠠ᠃ |
原文 |
查看原文
|
出自 |
内蒙古师范大学学报
2006年
第2期
|