摘要 |
21 ᠳ᠋ᠤᠭᠡᠷ ᠵᠠᠭᠤᠨ ᠤ ᠤᠯᠤᠰ ᠤᠨ ᠪᠦᠲᠦᠭᠡᠨ ᠪᠠᠢᠭᠤᠯᠤᠯᠲᠠ ᠶᠢᠨ ᠴᠢᠬᠤᠯᠠ ᠨᠢᠭᠡ ᠰᠠᠯᠠᠭ᠎ᠠ ᠬᠦᠴᠦᠨ ᠪᠣᠯᠬᠤ ᠪᠠᠭᠰᠢ ᠶᠢᠨ ᠲᠡᠭᠡᠳᠦ ᠰᠤᠷᠭᠠᠭᠤᠯᠢ ᠶᠢᠨ ᠤᠶᠤᠲᠠᠳ ᠤᠨ ᠤᠤᠷ ᠴᠢᠨᠰᠠᠭ᠎ᠠ ᠶᠢᠨ ᠪᠦᠲᠦᠴᠠ ᠵᠢ ᠲᠤᠳᠤᠷᠬᠠᠢᠯᠠᠬᠤ ᠪᠣᠯ ᠰᠤᠷᠭᠠᠭᠤᠯᠢ ᠡᠴᠡ ᠵᠢᠭᠠᠬᠤ ᠬᠠᠷᠠᠯᠲᠠ ᠪᠠᠨ ᠴᠡᠴᠡᠭᠡᠯᠵᠦ᠂ ᠵᠢᠭᠠᠬᠤ ᠡᠭᠦᠷᠭᠡ ᠪᠠᠨ ᠪᠣᠳᠠᠳᠠᠢ ᠲᠤᠭᠲᠠᠭᠠᠬᠤ ᠶᠢᠨ ᠴᠢᠬᠤᠯᠠ ᠡᠰᠢ ᠪᠠᠷᠢᠮᠳᠠ ᠮᠦᠨ᠃ ᠮᠦᠨᠴᠦ ᠰᠤᠷᠭᠠᠨ ᠬᠦᠮᠦᠵᠢᠬᠦᠯᠬ ᠤᠬᠠᠭᠠᠨ᠂ ᠰᠤᠷᠭᠠᠨᠬᠦᠮᠦᠵᠢᠯ ᠤᠨ ᠰᠡᠳᠬᠢᠴᠡ ᠵᠦᠢ ᠶᠢᠨ ᠴᠢᠬᠤᠯᠠ ᠦᠨᠳᠦᠰᠦᠨ ᠤᠨᠤᠯ ᠤᠨ ᠠᠰᠠᠭᠤᠳᠠᠯ ᠮᠦᠨ᠃ ᠲᠤᠰ ᠦᠭᠦᠯᠡᠯ ᠳ᠋ᠤ ᠪᠠᠭᠰᠢ ᠶᠢᠨ ᠶᠡᠬᠡ (ᠲᠡᠭᠡᠳᠦ) ᠰᠤᠷᠭᠠᠭᠤᠯᠢ ᠶᠢᠨ ᠤᠶᠤᠲᠠᠳ ᠤᠨ ᠤᠤᠷ ᠴᠢᠨᠰᠠᠭ᠎ᠠ ᠭᠡᠵᠦ ᠬᠤᠶᠠᠷ ᠬᠤᠪᠢᠶᠠᠷᠢᠯᠠᠨ᠂ ᠲᠡᠭᠦᠨ ᠢ ᠪᠦᠷᠢᠯᠳᠦᠭᠦᠯᠦᠭᠰᠡᠨ ᠦᠨᠳᠦᠰᠨ ᠬᠡᠳᠦᠨ ᠡᠯᠸᠯᠸᠨ᠋ᠲ ᠢ ᠵᠠᠳᠠᠯᠵᠤ᠂ ᠬᠠᠮᠤᠭ ᠰᠣᠭᠦᠯ ᠳ᠋ᠤᠨᠢ ᠤᠶᠤᠲᠠᠳ ᠤᠨ ᠤᠤᠷ ᠴᠢᠨᠰᠠᠭ᠎ᠠ ᠵᠢ ᠬᠡᠷᠬᠢᠨ ᠬᠦᠮᠦᠵᠢᠬᠦᠯᠬᠦ ᠲᠣᠬᠠᠢ ᠬᠤᠷ ᠠ ᠲᠠᠯ ᠠ ᠡᠴᠡ ᠲᠤᠪᠴᠢᠯᠠᠨ ᠦᠭᠦᠯᠡᠪᠡ᠃ |