摘要 |
ᠶᠠᠫᠤᠨ ᠡᠷᠳᠡᠮᠲᠡᠨ ᠸᠠᠺᠠᠮᠠᠼᠤ ᠾᠢᠷᠦᠰᠢ ᠭᠤᠸᠠᠢ ᠶᠢᠨ ᠪᠢᠴᠢᠭᠰᠡᠨ 《ᠭᠡᠰᠡᠷ ᠬᠢᠭᠡᠳ ᠭᠷᠸᠢᠭ ᠦᠨ ᠰᠢᠳᠢᠲᠦ ᠦᠯᠢᠭᠡᠷ》 ᠦᠭᠦᠯᠡᠯ ᠪᠤᠯ ᠮᠣᠩᠭᠤᠯ 《ᠭᠡᠰᠡᠷ》 ᠢ ᠭᠷᠸᠢᠭ ᠦᠨ ᠰᠢᠳᠢᠲᠦ ᠦᠯᠢᠭᠡᠷ ᠲᠡᠢ ᠬᠠᠷᠢᠴᠠᠭ᠋ᠤᠯᠤᠨ ᠰᠤᠳᠤᠯᠤᠭᠰᠠᠨ ᠦᠭᠦᠯᠡᠯ ᠪᠤᠯᠤᠨ᠎ᠠ᠃ ᠲᠤᠰ ᠦᠭᠦᠯᠡᠯ ᠳᠦ 《ᠭᠡᠰᠡᠷ ᠦᠨ ᠲᠤᠭ᠋ᠤᠵᠢ》 ᠳᠡᠬᠢ ᠭᠡᠰᠡᠷ ᠪᠠᠭ᠋ᠠᠲᠤᠷ ᠤᠨ ᠵᠠᠩ ᠴᠢᠨ᠋ᠠᠷ ᠤᠨ ᠳᠦᠷᠰᠦᠯᠡᠯ ᠬᠢᠭᠡᠳ ᠭᠷᠸᠢᠭ ᠦᠨ ᠰᠢᠳᠢᠲᠦ ᠦᠯᠢᠭᠡᠷ ᠦᠨ ᠪᠠᠭ᠋ᠠᠲᠤᠷ ᠤᠨ ᠵᠠᠩ ᠴᠢᠨ᠋ᠠᠷ ᠤᠨ ᠳᠦᠷᠰᠦᠯᠡᠯ ᠢ ᠬᠠᠷᠢᠴᠠᠭ᠋ᠤᠯᠤᠨ ᠰᠤᠳᠤᠯᠵᠤ᠂ ᠮᠣᠩᠭᠤᠯ 《ᠭᠡᠰᠡᠷ》 ᠦᠨ ᠭᠤᠤᠯ ᠪᠠᠭ᠋ᠠᠲᠤᠷ ᠬᠠᠭ᠋ᠠᠨ ᠤ ᠵᠠᠩ ᠴᠢᠨ᠋ᠠᠷ ᠤᠨ ᠳᠦᠷᠰᠦᠯᠡᠯ ᠳᠡᠭᠡᠷ᠎ᠡ᠂ ᠭᠷᠸᠢᠭ ᠦᠨ ᠰᠢᠳᠢᠲᠦ ᠦᠯᠢᠭᠡᠷ ᠦᠨ ᠨᠦᠯᠦᠭᠡ ᠪᠠᠢᠨ᠎ᠠ ᠭᠡᠵᠦ ᠦᠵᠡᠵᠡᠢ᠃ ᠲᠤᠰ ᠦᠭᠦᠯᠡᠯ ᠨᠢ ᠮᠣᠩᠭᠤᠯ 《ᠭᠡᠰᠡᠷ》 ᠦᠨ ᠰᠤᠳᠤᠯᠤᠯᠭ᠋ᠠᠨ ᠤ ᠠᠷᠭ᠎ᠠ ᠪᠠᠷᠢᠯ ᠪᠠ ᠴᠠᠷ᠎ᠠ ᠬᠦᠷᠶᠡ ᠶᠢᠨ ᠳᠠᠯᠠᠯᠲᠠ ᠳᠤ ᠰᠢᠨ᠎ᠡ ᠰᠡᠪᠡᠭᠦᠨ ᠰᠢᠨᠵᠢᠯᠡᠭᠡᠨ ᠦ ᠠᠴᠢ ᠬᠤᠯᠪᠤᠭᠳᠠᠯ ᠲᠠᠢ ᠪᠠᠢᠨ᠎ᠠ᠃ |