论文信息


题名 60 ᠵᠢᠱᠢᠶ᠎ᠡ ᠡᠰᠡ ᠪᠤᠯᠪᠠᠰᠤᠷᠠᠭᠰᠠᠨ ᠬᠠᠯᠠᠭᠤᠨ ᠢ ᠵᠠᠰᠠᠭᠰᠠᠨ ᠡᠷᠭᠢᠴᠡᠭᠦᠯᠦᠯ ᠦᠨ ᠴᠢᠨᠠᠷ ᠲᠠᠢ ᠰᠤᠳᠤᠯᠭ᠎ᠠ
作者 ᠬᠤ ᠢᠦᠢ ᠷᠦᠩ; ᠲᠢᠶᠠᠨ ᠬᠠᠢ ᠰᠢᠶᠠ
关键词 ᠡᠰᠡ ᠪᠤᠯᠪᠠᠰᠤᠷᠠᠭᠰᠠᠨ ᠬᠠᠯᠠᠭᠤᠨ; ᠡᠷᠭᠢᠴᠡᠭᠦᠯᠦᠯ ᠦᠨ ᠴᠢᠨᠠᠷᠲᠠᠢ ᠰᠤᠳᠤᠯᠭ᠎ᠠ; ᠮᠣᠩᠭᠤᠯ ᠠᠨᠠᠭᠠᠬᠤ ᠤᠬᠠᠭᠠᠨ; ᠣᠨᠣᠰᠢᠯᠠᠨ ᠵᠠᠰᠠᠬᠤ
摘要 ᠵᠤᠷᠢᠯᠭ᠎ᠠ᠄ ᠡᠰᠡ ᠪᠤᠯᠪᠠᠰᠤᠷᠠᠭᠰᠠᠨ ᠬᠠᠯᠠᠭᠤᠨ ᠤ ᠡᠪᠡᠳᠴᠢᠨ ᠦ ᠲᠡᠦᠬᠡ ᠶᠢᠨ ᠲᠡᠮᠳᠡᠭᠯᠡᠯ ᠳᠡᠬᠢ ᠡᠪᠡᠳᠴᠢᠨ ᠦ ᠣᠨᠴᠠᠯᠢᠭ ᠪᠠ ᠡᠮᠴᠢᠯᠡᠭᠡ ᠳᠦ ᠡᠷᠭᠢᠴᠡᠭᠦᠯᠦᠯ ᠦᠨ ᠴᠢᠨᠠᠷᠲᠠᠢ ᠳ᠋ᠦᠩᠨᠡᠯᠲᠡ ᠬᠢᠨ᠎ᠡ᠃ ᠠᠷᠭ᠎ᠠ᠄ 60 ᠵᠢᠱᠢᠶ᠎ᠡ ᠡᠰᠡ ᠪᠤᠯᠪᠠᠰᠤᠷᠠᠭᠰᠠᠨ ᠬᠠᠯᠠᠭᠤᠨ ᠲᠡᠦᠬᠡ ᠶᠢᠨ ᠲᠡᠮᠳᠡᠭᠯᠡᠯ ᠢ ᠪᠠᠢᠴᠠᠭᠠᠨ᠂ ᠡᠩ ᠦᠨ ᠮᠠᠲ᠋ᠧᠷᠢᠶᠠᠯ᠂ ᠰᠢᠨᠵᠢ ᠲᠡᠮᠳᠡᠭ᠂ ᠦᠪᠡᠷᠮᠢᠴᠡ ᠴᠢᠨᠠᠷ᠂ ᠲᠤᠷᠰᠢᠯᠲᠠ ᠶᠢᠨ ᠭᠡᠷ ᠦᠨ ᠪᠠᠢᠴᠠᠭᠠᠯᠲᠠ᠂ ᠡᠮ ᠵᠠᠰᠠᠯ ᠪᠠ ᠡᠮᠴᠢᠯᠡᠭᠡᠨ ᠦ ᠠᠴᠢ ᠲᠤᠰᠠ ᠶᠢ ᠥᠪᠦᠷᠢᠳᠭᠡᠨ ᠵᠠᠳᠠᠯᠪᠠ᠃ ᠦᠷ᠎ᠡ ᠳ᠋ᠦᠩ᠄ ᠭᠤᠤᠯᠳᠠᠭᠤ ᠲᠡᠭᠰᠢ ᠪᠤᠰᠤ ᠪᠠᠷ ᠬᠠᠯᠠᠭᠤᠷᠠᠬᠤ᠂ ᠪᠤᠯᠴᠢᠩ ᠮᠢᠬ᠎ᠠ ᠴᠢᠨᠤᠷᠠᠨ ᠡᠪᠡᠳᠬᠦ᠂ ᠳᠠᠭᠠᠷᠠᠳᠠᠰᠤ ᠬᠦᠷᠬᠦ᠂ ᠳᠤᠯᠠᠭᠠᠨ ᠢ ᠬᠦᠰᠡᠬᠦ ᠰᠢᠨᠵᠢ ᠢᠯᠡᠷᠡᠨ᠎ᠡ᠃ ᠰᠤᠳᠠᠯ ᠨᠢ ᠨᠠᠷᠢᠨ᠂ ᠲᠦᠷᠭᠡᠨ᠂ ᠬᠦᠯᠪᠡᠷᠢᠩᠭᠦᠢ; ᠬᠡᠯᠡ ᠨᠢ ᠴᠠᠢᠪᠤᠷ ᠦᠨᠭᠭᠦᠢ ᠲᠡᠢ ᠬᠡᠢ ᠶᠢᠨ ᠤᠯᠠᠭᠠᠨ ᠬᠦᠪᠳᠦᠷᠦᠦ ᠲᠡᠢ; ᠰᠢᠭᠡᠰᠦ ᠤᠯᠠᠪᠢᠷ ᠰᠢᠷ᠎ᠠ ᠦᠨᠭᠡ ᠲᠡᠢ᠂ ᠦᠳᠭᠡᠨ ᠪᠤᠯᠠᠩᠭᠢᠷ ᠲᠠᠢ᠃ ᠴᠠᠭᠠᠨ ᠡᠰ ᠦᠨ ᠲᠤᠭ᠎ᠠ ᠬᠠᠷᠢᠴᠠᠯ 86.6%᠂ ᠡᠷᠳᠡᠨᠢ -7 ᠶᠢᠨ ᠳᠠᠩ ᠤᠨ ᠬᠡᠷᠡᠭᠯᠡᠯᠲᠡ ᠶᠢᠨ ᠨᠤᠷᠮ᠎ᠠ ᠨᠢ ᠬᠠᠮᠤᠭ ᠦᠨᠳᠦᠷ᠂ ᠳᠡᠳᠡᠯᠡᠪᠡᠯ ᠮᠠᠨᠤ -4 ᠳᠠᠩ᠂ ᠲᠤᠭᠤᠯ ᠡᠪᠡᠰᠦ -7 ᠶᠢᠨ ᠳᠠᠩ; ᠡᠸᠦ᠋ᠷᠦᠫᠡ ᠪᠤᠶᠤ ᠬᠢᠲᠠᠳ ᠡᠮ ᠬᠡᠷᠡᠭᠯᠡᠭᠰᠡᠨ᠂ ᠪᠠᠺᠲ᠋ᠧᠷᠢ ᠶᠢ ᠡᠰᠡᠷᠭᠦᠴᠡᠬᠦ ᠡᠮ ᠬᠡᠷᠡᠭᠯᠡᠭᠰᠡᠨ ᠬᠠᠷᠢᠴᠠᠯ ᠨᠢ 65%᠂ ᠸᠢᠷᠦ᠋ᠰ ᠢ ᠡᠰᠡᠷᠭᠦᠴᠡᠬᠦ ᠡᠮ ᠬᠡᠷᠡᠭᠯᠡᠭᠰᠡᠨ ᠬᠠᠷᠢᠴᠠᠯ ᠨᠢ 35%; 90% ᠨᠢ ᠵᠠᠰᠠᠯ ᠬᠠᠪᠰᠤᠷᠭᠠᠭᠰᠠᠨ ᠪᠠ ᠡᠭᠦᠨ ᠳᠦ 65% ᠨᠢ ᠬᠦᠯᠦᠷᠡᠭᠦᠯᠬᠦ ᠵᠠᠰᠠᠯ ᠬᠠᠪᠰᠤᠷᠭᠠᠪᠠ᠃ ᠶᠡᠷᠦᠩᠬᠡᠢ ᠲᠤᠰᠠᠴᠠ ᠨᠢ 83.3%᠃ ᠳ᠋ᠦᠩᠨᠡᠯᠲᠡ᠄ ᠮᠣᠩᠭᠤᠯ ᠡᠮ ᠢ ᠬᠡᠷᠡᠭᠯᠡᠵᠦ ᠪᠠᠢᠭ᠎ᠠ ᠬᠠᠷᠢᠴᠠᠯ ᠨᠢ ᠨᠡᠯᠢᠶᠡᠳ ᠦᠨᠳᠦᠷ ᠪᠠᠢᠵᠤ᠂ ᠡᠮᠴᠢᠯᠡᠭᠡᠨ ᠦ ᠦᠷ᠎ᠡ ᠳ᠋ᠦᠩ ᠨᠢ ᠨᠡᠯᠢᠶᠡᠳ ᠰᠠᠢᠨ᠂ ᠵᠠᠷᠢᠮ ᠰᠢᠨᠵᠢ᠂ ᠣᠨᠴᠠᠭᠠᠢᠯᠠᠨ ᠪᠢᠯᠢᠭ ᠴᠢᠨᠠᠷ ᠲᠠᠢ ᠰᠢᠨᠵᠢ ᠲᠡᠮᠳᠡᠭ ᠢ ᠲᠡᠮᠳᠡᠭᠯᠡᠭᠰᠡᠨ ᠨᠢ ᠳᠤᠲᠠᠮᠠᠭ ᠪᠠᠢᠨ᠎ᠠ᠃
原文 没有原文
出自 内蒙古民族大学学报(蒙医药学) 2015年 第2期

联系我们


内蒙古大学图书馆
呼和浩特市大学西路235号
中国·内蒙古
P: (0471) 4992561
E: huangfeilong@imu.edu.cn