题名 |
ᠪᠣᠭᠲᠠ ᠨᠣᠶᠠᠨ ᠬᠠᠭᠠᠨ ᠵᠠᠩᠭ᠋ᠠᠷ ᠤᠨ ᠳᠦᠷᠢ ᠶᠢᠨ ᠲᠡᠥᠬᠡᠨ ᠰᠣᠷᠪᠣᠯᠵᠢ - ᠠᠶᠤᠤᠬᠢ ᠬᠠᠭᠠᠨ |
作者 |
ᠪᠣ•ᠮᠦᠩᠬᠡ |
关键词 |
ᠪᠣᠭᠲᠠ ᠨᠣᠶᠠᠨ ᠬᠠᠭᠠᠨ ᠵᠠᠩᠭ᠋ᠠᠷ; ᠲᠡᠥᠬᠡᠨ ᠰᠣᠷᠪᠣᠯᠵᠢ; ᠠᠶᠤᠤᠬᠢ ᠬᠠᠭᠠᠨ |
摘要 |
ᠵᠠᠩᠭ᠋ᠠᠷ ᠤᠨ ᠪᠠᠭ᠎ᠠ ᠪᠡᠯᠴᠢᠷ ᠨᠠᠰᠤᠨ ᠳᠤ ᠪᠠᠨ ᠦᠨᠦᠴᠢᠨ ᠬᠣᠴᠤᠷᠤᠭᠰᠠᠨ ᠤᠴᠠᠷᠠᠯ ᠳᠣᠬᠢᠶᠠᠯᠳᠤᠯ ᠪᠠ ᠵᠠᠯᠠᠭᠤ ᠢᠳᠡᠷ ᠨᠠᠰᠤᠨ ᠤ ᠪᠠᠭᠠᠲᠤᠷᠯᠢᠭ ᠦᠢᠯᠡ ᠶᠠᠪᠤᠳᠠᠯ ᠨᠢ ᠠᠶᠤᠤᠬᠢ ᠬᠠᠭᠠᠨ ᠤ ᠨᠠᠰᠤᠨ ᠲᠣᠷᠰᠢ ᠶᠢᠨ ᠤᠴᠠᠷᠠᠯ ᠳᠣᠬᠢᠶᠠᠯᠳᠤᠯ᠂ ᠦᠢᠯᠡ ᠠᠵᠢᠯᠯᠠᠭ᠎ᠠ ᠯᠤᠭ᠎ᠠ ᠦᠨᠳᠦᠰᠦᠨ ᠳᠥ ᠪᠡᠨ ᠲᠣᠬᠢᠷᠠᠯᠴᠠᠵᠤ ᠪᠠᠢ᠌ᠬᠤ ᠶᠢᠨ ᠬᠠᠮᠲᠤ ᠵᠠᠩᠭ᠋ᠠᠷ ᠤᠨ ᠬᠠᠲᠤᠨ ᠤ ᠨᠠᠷᠠ 《ᠠᠪᠠᠢ᠌ᠬᠠᠨ》 ᠪᠠ 《ᠰᠠᠢ᠌ᠬᠠᠨ ᠭᠡᠷᠡᠯ》ᠭᠡᠳᠡᠭ ᠪᠠᠢ᠌ᠭᠰᠠᠨ ᠵᠡᠷᠭᠡ ᠲᠡᠥᠬᠡᠨ ᠪᠠᠷᠢᠮᠲᠠ ᠵᠢᠴᠢ ᠡᠷᠲᠡᠨ ᠳᠥ ᠪᠡᠨ ᠢᠵᠢᠯ ᠦᠨ ᠲᠣᠷᠭᠤᠳ ᠬᠠᠭᠠᠨᠲᠤ ᠤᠯᠤᠰ ᠤᠨ ᠨᠤᠲᠤᠭ ᠳᠡᠪᠢᠰᠭᠡᠷ ᠢ ᠪᠠᠰᠠ《ᠵᠠᠩᠭ᠋ᠠᠷ ᠤᠨ ᠣᠷᠤᠨ》ᠭᠡᠵᠦ ᠬᠡᠯᠡᠳᠡᠭ ᠵᠠᠩᠰᠢᠯ ᠲᠠᠢ ᠪᠠᠢ᠌ᠭᠰᠠᠨ ᠵᠡᠷᠭᠡ ᠰᠣᠷᠪᠣᠯᠵᠢ ᠪᠢᠴᠢᠭ᠌ ᠦᠨ ᠦᠨᠳᠦᠰᠦᠯᠡᠯ ᠳᠥ ᠳᠤᠯᠭᠠᠭᠤᠷᠯᠠᠨ ᠵᠠᠩᠭ᠋ᠠᠷ ᠤᠨ ᠤᠷᠠᠨ ᠳᠦᠷᠢ ᠨᠢ 17-18 ᠳ᠋ᠤᠭᠠᠷ ᠵᠠᠭᠤᠨ ᠤ ᠲᠣᠷᠭᠤᠳ ᠤᠨ ᠲᠡᠥᠬᠡᠨ ᠳᠡᠭᠡᠷᠡᠬᠢ ᠠᠯᠳᠠᠷᠲᠤ ᠠᠶᠤᠤᠬᠢ ᠬᠠᠭᠠᠨ ᠮᠦᠨ ᠪᠣᠯᠬᠤ ᠶᠢ ᠣᠯᠠᠨ ᠲᠠᠯ᠎ᠠ ᠡᠴᠡ ᠪᠠᠲᠤᠯᠠᠨ ᠮᠠᠭᠠᠳᠯᠠᠵᠠᠢ᠃ |
原文 |
查看原文
|
出自 |
内蒙古民族大学学报(社会科学)
2008年
第1期
|