题名 |
ᠮᠣᠩᠭᠤᠯ ᠵᠠᠩ ᠦᠢᠯᠡ ᠰᠤᠳᠤᠯᠤᠯ ᠤᠨ ᠨᠢᠭᠡᠨ ᠭᠠᠯ ᠪᠠᠮᠪᠠᠢ — ᠯᠤᠪᠰᠠᠩᠴᠤᠢᠳᠠᠨ ᠤ 《ᠮᠣᠩᠭᠤᠯ ᠤᠨ ᠵᠠᠩ ᠠᠭᠠᠯᠢ ᠶᠢᠨ ᠣᠢᠯᠠᠪᠤᠷᠢ》 ᠪᠢᠴᠢᠭᠳᠡᠭᠰᠡᠨ 80 ᠵᠢᠯ ᠦᠨ ᠣᠢ ᠶᠢ ᠳᠤᠷᠠᠰᠬᠠᠬᠤ ᠨᠢ |
作者 |
ᠰ · ᠰᠠᠮᠫᠢᠯᠨ᠋ᠤᠷᠪᠤ |
关键词 |
ᠯᠤᠪᠰᠠᠩᠴᠤᠢᠳᠠᠨ︔《ᠮᠣᠩᠭᠤᠯ ᠤᠨ ᠵᠠᠩ ᠠᠭᠠᠯᠢ ᠶᠢᠨ ᠣᠢᠯᠠᠪᠤᠷᠢ》 |
摘要 |
ᠮᠣᠩᠭᠤᠯ ᠬᠦᠮᠦᠨ ᠦ ᠮᠣᠩᠭᠤᠯ ᠰᠤᠶᠤᠯ ᠵᠠᠩᠰᠢᠯ ᠤᠨ ᠠᠩᠬᠠᠨ ᠤ ᠢᠷᠠᠭ᠋ᠤ ᠬᠠᠭ᠋ᠤᠳᠠᠰᠤ ᠶᠢ ᠰᠡᠭᠦᠭᠰᠡᠨ ᠠᠯᠳᠠᠷᠲᠤ ᠡᠷᠳᠡᠮᠲᠡᠨ ᠯᠤᠪᠰᠠᠩᠴᠤᠢᠳᠠᠨ ᠠᠪᠤᠭ᠋ᠠᠢ ᠶᠢᠨ 《ᠮᠣᠩᠭᠤᠯ ᠤᠨ ᠵᠠᠩ ᠠᠭ᠋ᠠᠯᠢ ᠶᠢᠨ ᠣᠢᠯᠠᠪᠤᠷᠢ》 ᠭᠡᠬᠦ ᠠᠪᠤᠷᠭ᠋ᠤ ᠪᠦᠲᠦᠭᠡᠯ ᠪᠢᠴᠢᠭᠳᠡᠭᠡᠳ ᠨᠢᠭᠡᠨᠲᠡ 80 ᠵᠢᠯ ᠦᠨ ᠣᠢ ᠪᠤᠯᠤᠯ᠎ᠠ᠃ ᠯᠤᠪᠰᠠᠩᠴᠤᠢᠳᠠᠨ ᠤ 《ᠮᠣᠩᠭᠤᠯ ᠤᠨ ᠵᠠᠩ ᠠᠭ᠋ᠠᠯᠢ ᠶᠢᠨ ᠣᠢᠯᠠᠪᠤᠷᠢ》 ᠨᠢ ᠮᠣᠩᠭᠤᠯ ᠵᠠᠩ ᠦᠢᠯᠡ ᠶᠢᠨ ᠰᠤᠤᠯᠭ᠋ᠠᠨ ᠳᠤ ᠲᠤᠯᠢ ᠪᠤᠯᠵᠤ᠂ ᠲᠡᠭᠦᠨ ᠳᠦ ᠰᠠᠭ᠋ᠤᠷᠢᠯᠠᠵᠤ᠂ ᠤᠷᠢᠳ ᠬᠤᠵᠢᠳ 43 ᠪᠤᠳᠢ ᠮᠣᠩᠭᠤᠯ ᠵᠠᠩ ᠦᠢᠯᠡ ᠰᠤᠳᠤᠯᠤᠯ ᠤᠨ ᠲᠤᠰᠬᠠᠢ ᠨᠤᠮ ᠪᠢᠴᠢᠭᠳᠡᠵᠦ ᠪᠤᠢ᠃ ᠲᠤᠰ ᠦᠭᠦᠯᠡᠯ ᠳᠦ 《ᠮᠣᠩᠭᠤᠯ ᠤᠨ ᠵᠠᠩ ᠠᠭ᠋ᠠᠯᠢ ᠶᠢᠨ ᠣᠢᠯᠠᠪᠤᠷᠢ》 ᠨᠢ ᠬᠡᠷᠬᠢᠨ ᠮᠣᠩᠭᠤᠯ ᠵᠠᠩ ᠦᠢᠯᠡ ᠰᠤᠳᠤᠯᠤᠯ ᠤᠨ ᠨᠢᠭᠡᠨ ᠭᠠᠯ ᠪᠠᠮᠪᠠᠢ ᠪᠤᠯᠤᠭᠰᠠᠨ ᠲᠤᠬᠠᠢ ᠨᠠᠷᠢᠨ ᠰᠦᠪᠡᠭᠴᠢᠯᠡᠯᠲᠡ ᠬᠢᠵᠦ᠂ ᠡᠨ᠋ᠡᠬᠦ ᠭᠠᠯ ᠪᠠᠮᠪᠠᠢ ᠨᠢ ᠮᠣᠩᠭᠤᠯ ᠵᠠᠩ ᠦᠢᠯᠡ ᠰᠤᠳᠤᠯᠤᠯ ᠢ ᠬᠦᠭᠵᠢᠭᠡᠵᠦ᠂ ᠲᠡᠭᠦᠨ ᠳᠦ ᠲᠤᠯᠭ᠋ᠠᠭ᠋ᠤᠷᠢᠯᠠᠵᠤ ᠣᠯᠠᠨ ᠰᠠᠢᠬᠠᠨ ᠣᠭᠢ ᠰᠢᠯᠢᠳᠡᠭ ᠪᠦᠲᠦᠭᠡᠯ ᠦᠳ ᠦᠨ ᠮᠡᠨᠳᠦᠯᠡᠭᠰᠡᠨ ᠪᠡ ᠲᠡᠳᠡᠭᠡᠷ ᠡᠷᠳᠡᠮᠲᠡᠳ ᠦᠨ ᠰᠢᠨᠵᠢᠯᠡᠭᠡᠨ ᠦ ᠦᠷ᠎ᠡ ᠪᠦᠲᠦᠮᠵᠢ ᠶᠢ ᠰᠢᠯᠢᠵᠦ ᠲᠠᠨ᠋ᠢᠯᠴᠠᠭ᠋ᠤᠯᠬᠤ ᠶᠢᠨ ᠬᠠᠮᠲᠤ᠂ ᠣᠳᠤᠬᠠᠨ ᠤ ᠮᠣᠩᠭᠤᠯ ᠵᠠᠩ ᠦᠢᠯᠡ ᠰᠤᠳᠤᠯᠤᠯ ᠤᠨ ᠲᠤᠢᠮᠤ ᠪᠠᠢᠳᠠᠯ ᠪᠤᠯᠤᠨ ᠢᠷᠡᠭᠡᠳᠦᠢ ᠳᠦ ᠮᠣᠩᠭᠤᠯ ᠤᠨ ᠵᠠᠩ ᠠᠭ᠋ᠠᠯᠢ ᠶᠢᠨ ᠰᠤᠳᠤᠯᠤᠯ ᠤᠯᠠᠮ ᠬᠦᠭᠵᠢᠬᠦ ᠲᠤᠬᠠᠢ ᠨᠠᠢᠮᠠᠨ ᠲᠠᠯ᠎ᠠ ᠪᠠᠷ ᠨᠠᠷᠢᠨ ᠰᠢᠨᠵᠢᠯᠡᠵᠡᠢ᠃ |
原文 |
没有原文
|
出自 |
内蒙古民族大学学报(社会科学)
1999年
第3期
|