题名 |
ᠶᠠᠫᠤᠨ ᠡᠴᠡ ᠬᠢᠩᠭ᠋ᠠᠨ ᠮᠤᠵᠢ ᠳᠤ ᠭᠡᠷᠡᠭᠵᠢᠭᠦᠯᠦᠭᠰᠡᠨ ᠪᠤᠳᠠᠰ ᠢ ᠲᠦᠭᠡᠭᠡᠨ ᠬᠤᠳᠠᠯᠳᠤᠬᠤ ᠲᠦᠷᠦ ᠶᠢᠨ ᠪᠤᠳᠤᠯᠭ᠎ᠠ ᠶᠢᠨ ᠲᠤᠬᠠᠢ |
作者 |
ᠴᠢ᠂ ᠪᠠᠢ ᠱᠦᠨ ; ᠳᠡᠪᠰᠢᠯᠳᠤ |
关键词 |
ᠶᠠᠫᠤᠨ ; ᠬᠢᠩᠭ᠋ᠠᠨ ᠮᠤᠵᠢ ; ᠪᠤᠳᠠᠰ ᠢ ᠲᠦᠭᠡᠭᠡᠨ ᠬᠤᠳᠠᠯᠳᠤᠬᠤ ;ᠲᠦᠷᠦ ᠶᠢᠨ ᠪᠤᠳᠤᠯᠭ᠎ᠠ |
摘要 |
《9.18》ᠤ᠋ ᠭᠡᠷᠡᠭ ᠬᠤᠪᠢᠰᠤᠯ ᠤᠨ ᠳᠠᠷᠠᠭ᠎ᠠ᠂ ᠶᠠᠫᠤᠨ ᠡᠴᠡ ᠬᠠᠭᠤᠷᠮᠠᠭ ᠮᠠᠨᠵᠤ ᠤᠯᠤᠰ ᠤᠨ ᠬᠢᠩᠭ᠋ᠠᠨ ᠮᠤᠵᠢ ᠵᠡᠷᠭᠡ ᠭᠠᠵᠠᠷ ᠤᠷᠤᠨ ᠳᠤ ᠪᠤᠳᠠᠰ ᠢ ᠲᠦᠭᠡᠭᠡᠨ ᠬᠤᠳᠠᠯᠳᠤᠬᠤ ᠲᠦᠷᠦ ᠶᠢᠨ ᠪᠤᠳᠤᠯᠭ᠎ᠠ ᠶᠢ ᠬᠡᠷᠡᠭᠵᠢᠭᠦᠯᠵᠡᠢ᠃ ᠳᠤᠰ ᠲᠦᠷᠦ ᠶᠢᠨ ᠪᠤᠳᠤᠯᠭ᠎ᠠ ᠪᠤᠯ ᠶᠠᠫᠤᠨ ᠶᠠᠫᠤᠨ ᠦ ᠳᠤᠰ ᠭᠠᠵᠠᠷ ᠤᠷᠤᠨ ᠳᠤ ᠭᠡᠷᠡᠭᠵᠢᠭᠦᠯᠦᠭᠰᠡᠨ ᠠᠵᠤ ᠠᠬᠤᠢ ᠶᠢ 《ᠨᠢᠭᠡᠳᠦᠯᠳᠡᠢ ᠵᠠᠬᠢᠷᠬᠤ》ᠲᠦᠷᠦ ᠶᠢᠨ ᠪᠤᠳᠤᠯᠭ᠎ᠠ ᠶᠢᠨ ᠴᠢᠬᠤᠯᠠ ᠪᠦᠷᠢᠯᠳᠦᠭᠦᠨ ᠪᠤᠯᠬᠤ ᠶᠤᠮ᠃ ᠳᠡᠭᠦᠨ ᠳᠤ ᠪᠤᠳᠠᠰ ᠤᠨ ᠦᠢᠯᠡᠳᠪᠦᠷᠢᠯᠡᠯ᠂ ᠬᠡᠷᠡᠭᠯᠡᠭᠡ᠂ ᠬᠠᠩᠭ᠋ᠠᠯᠲᠠ ᠵᠡᠷᠭᠡ ᠪᠤᠳᠠᠰ ᠤᠨ ᠰᠤᠯᠢᠯᠴᠠᠭᠠᠨ ᠦ ᠪᠤᠢ ᠪᠤᠯᠬᠤ ᠠᠵᠢᠯᠯᠠᠭ᠎ᠠ ᠶᠢ ᠨᠢᠭᠡᠳᠦᠯᠳᠡᠢ ᠵᠠᠬᠢᠷᠤᠭᠰᠠᠨ ᠴᠢᠨᠠᠷ ᠲᠠᠢ ᠪᠠᠢ᠌ᠳᠠᠭ᠃ ᠡᠭᠦᠪᠡᠷ ᠳᠠᠮᠵᠢᠨ ᠶᠠᠫᠤᠨ ᠡᠴᠡ ᠲᠦᠷᠢᠮᠡᠬᠡᠢ ᠲᠠᠢ᠌ᠨ ᠳᠤ ᠪᠠᠨ ᠨᠡᠩ ᠠᠷᠪᠢᠨ ᠡᠳ᠋ ᠪᠤᠳᠠᠰ ᠬᠠᠩᠭ᠋ᠠᠵᠤ᠂ ᠬᠢᠩᠭ᠋ᠠᠨ ᠮᠤᠵᠢ ᠶᠢᠨ ᠠᠷᠠᠳ ᠲᠦᠮᠡᠨ ᠦ ᠦᠢᠯᠡᠳᠪᠦᠷᠢᠯᠡᠯ ᠠᠮᠢᠳᠤᠷᠠᠯ ᠳᠤ ᠬᠦᠨᠳᠦ ᠬᠡᠴᠡᠭᠦᠦ ᠭᠠᠢ ᠭᠠᠮᠰᠢᠭ ᠠᠪᠴᠢᠷᠠᠵᠤ ᠦᠭ᠍ᠪᠡ᠃ |
原文 |
查看原文
|
出自 |
赤峰学院学报(蒙文哲学社会科学版)
2008年
第1期
|