摘要 |
ᠲᠤᠰ ᠦᠭᠦᠯᠡᠯ ᠳᠦ 《ᠳᠦᠴᠢᠨ ᠲᠦᠮᠡᠨ ᠮᠣᠩᠭ᠋ᠤᠯ》 ᠪᠤᠶᠤ 《ᠳᠦᠴᠢᠨ ᠲᠦᠮᠡᠨ ᠮᠣᠩᠭ᠋ᠤᠯ ᠤᠯᠤᠰ》 ᠬᠡᠮᠡᠬᠦ ᠨᠡᠷᠡᠢ᠌ᠳᠦᠯ ᠦᠨ ᠤᠤᠯ ᠤᠳᠬ᠎ᠠ᠂ ᠪᠤᠢ ᠪᠤᠯᠤᠭᠰᠠᠨ ᠴᠠᠭ ᠦᠶ᠎ᠡ ᠵᠢᠴᠢ ᠬᠤᠯᠪᠤᠭᠳᠠᠯ ᠪᠦᠬᠦᠢ ᠬᠡᠳᠦᠨ ᠠᠰᠠᠭᠤᠳᠠᠯ ᠢ ᠲᠠᠢ᠌ᠯᠪᠤᠷᠢᠯᠠᠪᠠ᠃ 《ᠳᠦᠴᠢᠨ ᠲᠦᠮᠡᠨ ᠮᠣᠩᠭ᠋ᠤᠯ》 ᠪᠤᠯ ᠮᠣᠩᠭ᠋ᠤᠯᠴᠤᠳ ᠤᠨ ᠨᠡᠢ᠌ᠲᠡ ᠨᠡᠷᠡᠢ᠌ᠳᠦᠯ ᠪᠢᠰᠢ᠂ ᠲᠡᠷᠡ ᠨᠢ ᠵᠦᠪᠬᠡᠨ ᠮᠣᠩᠭ᠋ᠤᠯ ᠤᠨ ᠶᠡᠬᠡ ᠬᠠᠭᠠᠨ ᠤ ᠰᠢᠭᠤᠳ ᠬᠠᠷᠢᠶᠠᠨ ᠳᠠᠬᠢ ᠵᠡᠭᠦᠨ ᠮᠣᠩᠭ᠋ᠤᠯᠴᠤᠳ ᠤᠨ ᠨᠡᠢ᠌ᠲᠡ ᠨᠡᠷᠡᠢ᠌ᠳᠦᠯ ᠮᠦᠨ᠃ 《ᠳᠦᠴᠢᠨ ᠲᠦᠮᠡᠨ ᠮᠣᠩᠭ᠋ᠤᠯ》 ᠬᠡᠮᠡᠬᠦ ᠨᠡᠷᠡᠢ᠌ᠳᠦᠯ ᠨᠢ ᠲᠠᠶᠤᠨ ᠬᠠᠭᠠᠨ ᠤ ᠰᠢᠭᠤᠳ ᠨᠤᠶᠠᠯᠠᠯ ᠳᠤ ᠪᠠᠢ᠌ᠭᠰᠠᠨ ᠵᠢᠷᠭᠤᠭᠠᠨ ᠶᠡᠬᠡ ᠠᠢ᠌ᠮᠠᠭ ᠤᠨ ᠨᠡᠢ᠌ᠲᠡ ᠬᠦᠮᠦᠨ ᠠᠮᠠ ᠶᠢᠨ ᠪᠠᠷᠤᠭᠴᠠᠭᠠᠯᠠᠭᠰᠠᠨ ᠲᠤᠭᠠᠨ ᠠᠴᠠ ᠢᠷᠡᠯᠲᠡᠢ᠃ 17᠋᠋ ᠳᠤᠭᠠᠷ ᠵᠠᠭᠤᠨ ᠠᠴᠠ ᠳᠠᠷᠠᠭ᠎ᠠ ᠵᠤᠬᠢᠶᠠᠭᠳᠠᠭᠰᠠᠨ ᠮᠣᠩᠭ᠋ᠤᠯ ᠰᠤᠷᠪᠤᠯᠵᠢᠰ ᠲᠤ ᠡᠨᠡᠬᠦ ᠨᠡᠷᠡᠢ᠌ᠳᠦᠯ ᠢ ᠴᠢᠩᠭᠢᠰ ᠬᠠᠨ ᠲᠡᠷᠡᠴᠢᠯᠡᠨ ᠪᠦᠷᠲᠡ ᠴᠢᠨᠤ᠎ᠠ ᠶᠢᠨ ᠦᠶ᠎ᠡ ᠳᠦ ᠨᠢᠭᠡᠨᠲᠡ ᠪᠠᠢ᠌ᠭᠰᠠᠨ ᠬᠡᠮᠡᠷ ᠲᠡᠮᠳᠡᠭᠯᠡᠭᠰᠡᠨ ᠨᠢ ᠵᠤᠬᠢᠶᠠᠭᠴᠢ ᠦᠪᠡᠷ ᠦᠨ ᠴᠠᠭ ᠦᠶ᠎ᠡ ᠶᠢᠨ ᠤᠬᠠᠭᠳᠠᠬᠤᠨ ᠢᠶᠠᠷ ᠢᠶᠠᠨ ᠡᠷᠲᠡᠨ ᠦ ᠲᠡᠦᠬᠡ ᠶᠢ ᠲᠠᠢ᠌ᠯᠪᠤᠷᠢᠯᠠᠭᠰᠠᠨ ᠠᠴᠠ ᠪᠤᠯᠤᠭᠰᠠᠨ ᠡᠨᠳᠡᠭᠦᠦ ᠬᠡᠯᠡᠯᠭᠡ ᠬᠡᠯᠲᠡᠢ᠃ |