题名 |
ᠰᠠᠷ᠎ᠠ ᠶᠢᠨ ᠭᠬᠢᠷ ᠨᠢ ᠴᠡᠪᠡᠷᠰᠢᠭᠰᠡᠨ ᠮᠣᠩᠭᠤᠯ ᠡᠮᠡᠭᠲᠡᠢᠴᠦᠳ ᠦᠨ ᠪᠤᠳᠠᠰ ᠤᠨ ᠰᠤᠯᠢᠯᠴᠠᠭᠠᠨ ᠤ ᠰᠠᠮᠠᠭᠤᠷᠠᠯ ᠬᠢᠭᠡᠳ ᠡᠮ᠎ᠡ ᠪᠡᠯᠭᠡ ᠶᠢᠨ ᠬᠤᠷᠮᠤᠨ E2 ᠤᠨ ᠬᠤᠭᠤᠷᠤᠨᠳᠤᠬᠢ ᠬᠠᠷᠢᠴᠠᠭ᠎ᠠ ᠶᠢᠨ ᠲᠤᠬᠠᠢ ᠰᠤᠳᠤᠯᠭ᠎ᠠ |
作者 |
ᠭᠦᠢ ᠯᠠᠨ |
关键词 |
ᠮᠣᠩᠭᠤᠯ ᠡᠮᠡᠭᠲᠡᠢ; ᠰᠠᠷ᠎ᠠ ᠶᠢᠨ ᠭᠬᠢᠷ ᠴᠡᠪᠡᠷᠰᠢᠭᠰᠡᠨ ᠬᠤᠭᠤᠴᠠᠭ᠎ᠠ; ᠪᠤᠳᠠᠰ ᠤᠨ ᠰᠤᠯᠢᠯᠴᠠᠭᠠᠨ ᠤ ᠶᠡᠷᠦᠩᠬᠡᠢᠯᠡᠭᠰᠡᠨ ᠭᠡᠮ; ᠡᠮ᠎ᠡ ᠪᠡᠯᠭᠡ ᠶᠢᠨ ᠬᠤᠷᠮᠤᠨ E2 |
摘要 |
ᠵᠤᠷᠢᠯᠭ᠎ᠠ᠄ ᠰᠠᠷ᠎ᠠ ᠶᠢᠨ ᠭᠬᠢᠷ ᠨᠢ ᠴᠡᠪᠡᠷᠰᠢᠭᠰᠡᠨ ᠮᠣᠩᠭᠤᠯ ᠡᠮᠡᠭᠲᠡᠢᠴᠦᠳ ᠦᠨ ᠡᠮ᠎ᠡ ᠪᠡᠯᠭᠡ ᠶᠢᠨ ᠬᠤᠷᠮᠤᠨ E2 ᠋ ᠤᠨ ᠬᠡᠮᠵᠢᠶᠡᠨ ᠳᠦ ᠵᠠᠳᠠᠯᠤᠯᠲᠠ ᠬᠢᠬᠦ ᠪᠡᠷ ᠳᠠᠮᠵᠢᠨ᠂ ᠡᠮ᠎ᠡ ᠪᠡᠯᠭᠡ ᠶᠢᠨ ᠬᠤᠷᠮᠤᠨ ᠤ ᠬᠤᠪᠢᠷᠠᠯᠲᠠ ᠨᠢ ᠪᠤᠳᠠᠰ ᠤᠨ ᠰᠤᠯᠢᠯᠴᠠᠭᠠᠨ ᠤ ᠰᠠᠮᠠᠭᠤᠷᠠᠯ ᠯᠤᠭ᠎ᠠ ᠬᠤᠯᠪᠤᠭᠳᠠᠯ ᠲᠠᠢ ᠡᠰᠡᠭᠦ ᠶᠢ ᠰᠢᠨᠵᠢᠯᠡᠨ᠎ᠡ᠃ ᠠᠷᠭ᠎ᠠ᠄ ᠰᠠᠷ᠎ᠠ ᠶᠢᠨ ᠭᠬᠢᠷ ᠨᠢ ᠴᠡᠪᠡᠷᠰᠢᠭᠰᠡᠨ 217 ᠵᠢᠱᠢᠶ᠎ᠡ ᠮᠣᠩᠭᠤᠯ ᠡᠮᠡᠭᠲᠡᠢ ᠶᠢ ᠰᠤᠩᠭᠤᠵᠤ᠂ ᠲᠡᠳᠡᠨ ᠦ ᠴᠢᠰᠦᠨ ᠳᠠᠷᠤᠯᠲᠠ᠂ ᠴᠢᠰᠦᠨ ᠦ ᠰᠢᠬᠢᠷ᠂ ᠴᠢᠰᠦᠨ ᠦ ᠦᠭᠡᠬᠦ ᠶᠢ ᠨᠢ ᠬᠡᠮᠵᠢᠬᠦ ᠶᠢᠨ ᠬᠠᠮᠲᠤ ᠪᠡᠶ᠎ᠡ ᠶᠢᠨ ᠬᠦᠨᠳᠦ ᠪᠡ ᠪᠡᠶ ᠡ ᠶᠢᠨ ᠦᠨᠳᠦᠷ ᠢ ᠨᠢ ᠬᠡᠮᠵᠢᠭᠰᠡᠨ ᠰᠠᠭᠤᠷᠢᠨ ᠳᠡᠭᠡᠷ᠎ᠡ ᠪᠡᠶ᠎ᠡ ᠶᠢᠨ ᠵᠢᠭᠠᠯᠲᠠ ᠲᠤᠭ᠎ᠠ (BMI) ᠶᠢ ᠨᠢ ᠪᠤᠳᠤᠵᠤ ᠭᠠᠷᠭᠠᠨ᠎ᠠ᠃ ᠡᠳᠡᠭᠡᠷ ᠢᠶᠡᠨ ᠦᠨᠳᠦᠰᠦᠯᠡᠨ ᠲᠤᠷᠰᠢᠯᠲᠠ ᠳᠤ ᠣᠷᠤᠯᠴᠠᠭᠰᠠᠳ ᠤᠨ ᠪᠤᠳᠠᠰ ᠤᠨ ᠰᠤᠯᠢᠯᠴᠠᠭᠠᠨ ᠤ ᠰᠠᠮᠠᠭᠤᠷᠠᠭᠰᠠᠨ ᠪᠠᠢᠳᠠᠯ ᠢ ᠨᠢ ᠮᠠᠭᠠᠳᠯᠠᠵᠤ᠂ ᠳᠠᠬᠢᠨ ᠪᠤᠳᠠᠰ ᠤᠨ ᠰᠤᠯᠢᠯᠴᠠᠭ᠎ᠠ ᠨᠢ ᠠᠳᠠᠯᠢ ᠪᠤᠰᠤ ᠪᠠᠷ ᠰᠠᠮᠠᠭᠤᠷᠠᠭᠰᠠᠳ ᠤᠨ ᠴᠢᠰᠦᠨ ᠳᠦ ᠬᠢ E2᠋ ᠤᠨ ᠬᠡᠮᠵᠢᠶᠡᠨ ᠦ ᠬᠤᠪᠢᠷᠠᠯᠲᠠ ᠶᠢ ᠨᠢ ᠠᠵᠢᠭᠯᠠᠪᠠ᠃ ᠦᠷ᠎ᠡ ᠳ᠋ᠦᠩ᠄ ᠪᠤᠳᠠᠰ ᠤᠨ ᠰᠤᠯᠢᠯᠴᠠᠭ᠎ᠠ ᠨᠢ ᠰᠠᠮᠠᠭᠤᠷᠠᠭᠰᠠᠳ ᠤᠨ ᠳᠤᠲᠤᠷᠠᠬᠢ ᠴᠢᠰᠦᠨ ᠰᠢᠬᠢᠷ ᠨᠢ ᠦᠨᠳᠦᠷᠵᠢᠭᠰᠡᠨ ᠡᠮᠡᠭᠷᠲᠡᠢᠴᠦᠳ ᠦᠨ ᠴᠢᠰᠦᠨ ᠳᠦ ᠬᠢ E2᠋ ᠤᠨ ᠬᠡᠮᠵᠢᠶ᠎ᠡ ᠨᠢ ᠢᠯᠡᠳᠲᠡ ᠲᠤᠭᠤᠭᠰᠢᠯᠠᠵᠤ᠂ ᠴᠢᠰᠦᠨ ᠳᠠᠷᠤᠯᠲᠠ ᠨᠢ ᠦᠨᠳᠦᠷᠵᠢᠭᠰᠡᠳ ᠤᠨ ᠴᠢᠰᠦᠨ ᠳᠦ ᠬᠢ E2᠋ ᠤᠨ ᠬᠡᠮᠵᠢᠶ᠎ᠡ ᠨᠢ ᠢᠯᠡᠷᠬᠡᠢ ᠬᠤᠪᠢᠷᠠᠯᠲᠠ ᠦᠭᠡᠢ᠃ ᠳ᠋ᠦᠩᠨᠡᠯᠲᠡ᠄ ᠰᠠᠷ᠎ᠠ ᠶᠢᠨ ᠭᠬᠢᠷ ᠨᠢ ᠴᠡᠪᠡᠷᠰᠢᠭᠰᠡᠨ ᠮᠣᠩᠭᠤᠯ ᠡᠮᠡᠭᠲᠡᠢᠴᠦᠳ ᠦᠨ ᠡᠮ᠎ᠡ ᠪᠡᠯᠭᠡ ᠶᠢᠨ ᠬᠤᠷᠮᠤᠨ E2᠋ ᠤᠨ ᠬᠡᠮᠵᠢᠶ᠎ᠡ ᠨᠢ ᠲᠡᠳᠡᠭᠡᠷ ᠦᠨ ᠰᠢᠬᠢᠷ ᠤᠨ ᠰᠤᠯᠢᠯᠴᠠᠭ᠎ᠠ ᠯᠤᠭ᠎ᠠ ᠨᠢᠭᠲᠠ ᠬᠠᠷᠢᠴᠠᠭ᠎ᠠ ᠲᠠᠢ᠃ |
原文 |
没有原文
|
出自 |
内蒙古民族大学学报(蒙医药学)
2015年
第2期
|