题名 |
ᠦᠪᠦᠷ ᠮᠣᠩᠭᠤᠯ ᠤᠨ ᠠᠨᠳᠠᠢ ᠪᠦᠵᠢᠭ᠌ ᠢ ᠡᠮᠴᠢᠯᠡᠬᠦ ᠵᠠᠰᠠᠯ ᠤᠨ ᠬᠤᠪᠢ ᠳᠤ ᠰᠢᠨᠵᠢᠬᠦ ᠨᠢ |
作者 |
〔ᠺᠠᠨᠠᠳᠠ〕ᠺᠠᠰᠧᠷᠢᠨᠧ ᠺᠮᠢᠲ᠋ᠠ |
关键词 |
ᠪᠦᠬᠡ ᠶᠢᠨ ᠱᠠᠰᠢᠨ; ᠮᠣᠩ᠋ᠭᠤᠯ ᠪᠦᠵᠢᠭ᠌; ᠠᠨᠳᠠᠢ; ᠪᠦᠵᠢᠭ᠌ ᠪᠡ ᠬᠦᠳᠡᠯᠭᠡᠭᠡᠨ ᠢᠶᠡᠷ ᠵᠠᠰᠠᠬᠤ; ᠪᠦᠲᠦᠭᠡᠯᠴᠢ ᠤᠷᠠᠯᠢᠭ ᠢᠶᠠᠷ ᠡᠮᠴᠢᠯᠡᠬᠦ ᠵᠠᠰᠠᠯ; ᠢᠯᠡᠷᠡᠭᠦᠯᠬᠦ ᠤᠷᠠᠯᠢᠭ ᠢᠶᠠᠷ ᠡᠮᠴᠢᠯᠡᠬᠦ ᠵᠠᠰᠠᠯ |
摘要 |
ᠦᠷᠦᠨᠡᠳᠠᠬᠢᠨ ᠤ ᠤᠯᠤᠰ ᠤᠳ ᠤᠨ ᠪᠦᠵᠢᠭ᠌ ᠪᠡ ᠬᠦᠳᠡᠯᠭᠡᠭᠡᠨ ᠢᠶᠡᠷ ᠡᠮᠴᠢᠯᠡᠬᠦ ᠵᠠᠰᠠᠯ (D/MT)᠂ ᠪᠦᠲᠦᠭᠡᠯᠴᠢ ᠤᠷᠠᠯᠢᠭ ᠢᠶᠠᠷ ᠡᠮᠴᠢᠯᠡᠬᠦ ᠵᠠᠰᠠᠯ (CAT)᠂ ᠢᠯᠡᠷᠡᠭᠦᠯᠬᠦ ᠤᠷᠠᠯᠢᠭ ᠢᠶᠠᠷ ᠡᠮᠴᠢᠯᠡᠬᠦ ᠵᠠᠰᠠᠯ (EAT)᠋ ᠤᠨ ᠳᠤᠲᠤᠷᠠᠬᠢ ᠪᠦᠵᠢᠭ᠌ ᠢᠶᠡᠷ ᠡᠮᠴᠢᠯᠡᠬᠦ ᠠᠷᠠ ᠪᠤᠯ ᠨᠡᠯᠢᠶᠡᠳ ᠬᠤᠵᠢᠭᠤ ᠦᠶ᠎ᠡ ᠳᠦ ᠡᠭᠦᠰᠴᠦ ᠬᠦᠭ᠍ᠵᠢᠭᠰᠡ᠂ ᠪᠦᠵᠢᠭ᠌ ᠮᠡᠳᠦᠰ ᠦᠢᠯᠡ ᠬᠦᠳᠡᠯᠭᠡᠭᠡᠨ ᠢ ᠠᠰᠢᠭᠯᠠᠵᠤ ᠪᠠᠢ᠌ᠭᠠᠳ ᠡᠪᠡᠳᠴᠢᠨ ᠵᠠᠰᠠᠬᠤ ᠠᠷᠭ᠎ᠠ ᠪᠤᠯᠤᠠ᠃ ᠲᠡᠷᠡ ᠨᠢ ᠪᠦᠵᠢᠭ᠌ ᠢ ᠰᠡᠳᠬᠢᠴᠡ ᠵᠦᠢ ᠪᠤᠯᠤᠨ ᠤᠷᠠᠯᠢᠭ ᠤᠨ ᠲᠠᠯ᠎ᠠ ᠠᠴᠠ ᠠᠩ᠋ᠬᠠᠷᠴᠤ ᠠᠰᠢᠭᠯᠠᠳᠠᠭ ᠪᠦᠭᠡᠳ ᠬᠦᠮᠦᠨ ᠦ ᠲᠠᠷᠢᠬᠢᠨ ᠤ ᠴᠢᠳᠠᠪᠬᠢ᠂ ᠳᠠᠭᠤᠤ ᠬᠦᠭ᠍ᠵᠢᠮ ᠦᠨ ᠬᠦᠮᠦᠨ ᠦ ᠪᠡᠶ᠎ᠡ ᠰᠡᠳᠬᠢᠴᠡ ᠳᠡᠬᠢ ᠦᠢᠯᠡᠳᠦᠯ ᠦᠨ ᠲᠤᠬᠠᠢ ᠰᠢᠨᠵᠢᠯᠡᠬᠦ ᠤᠬᠠᠭᠠᠨ ᠤ ᠮᠡᠳᠡᠭᠡ ᠪᠠᠷᠢᠮᠲᠠ ᠶᠢ ᠴᠤ ᠤᠶᠠᠯᠳᠤᠭᠤᠯᠤᠨ ᠬᠡᠷᠡᠭᠯᠡᠳᠡᠭ᠃ ᠪᠦᠵᠢᠭ᠌ ᠢᠶᠡᠷ ᠡᠮᠴᠢᠯᠡᠬᠦ ᠵᠠᠰᠠᠯ ᠨᠢ ᠪᠠᠰᠠ ᠪᠦᠵᠢᠭ᠌ ᠦᠨ ᠤᠶᠤᠨ ᠮᠡᠳᠡᠷᠡᠮᠵᠢ ᠶᠢᠨ ᠲᠠᠯ᠎ᠠ ᠶᠢ ᠴᠤ ᠠᠩ᠋ᠬᠠᠷᠳᠠᠭ ᠨᠢ ᠮᠣᠩ᠋ᠭᠤᠯ ᠪᠦᠬᠡ ᠶᠢᠨ ᠪᠦᠵᠢᠭ᠌ ᠲᠡᠢ ᠲᠦᠰᠲᠡᠢ ᠪᠠᠢ᠌ᠨ᠎ᠠ᠃ ᠲᠤᠰ ᠦᠭᠦᠯᠡᠯ ᠳᠦ ᠦᠪᠦᠷ ᠮᠣᠩ᠋ᠭᠤᠯ ᠤᠨ ᠠᠨᠳᠠᠢ ᠪᠦᠵᠢᠭ᠌ ᠦᠨ ᠨᠡᠢ᠌ᠭᠡᠮ ᠰᠤᠶᠤᠯ ᠤᠨ ᠣᠷᠴᠢᠨ ᠲᠠᠨᠢᠯᠴᠠᠭᠤᠯᠬᠤ ᠶᠢᠨ ᠳᠠᠭᠠᠤ ᠪᠦᠢᠭ᠌ ᠢᠶᠡᠷ ᠡᠮᠴᠢᠯᠡᠬᠦ ᠵᠠᠰᠠᠯᠤᠨ ᠬᠤᠪᠢ ᠳᠤ ᠦᠷᠦᠨᠡᠳᠠᠬᠢᠨ ᠤ ᠪᠦᠵᠢᠭ᠌ ᠦᠨ ᠵᠠᠰᠠᠯᠭ᠎ᠠ ᠲᠠᠢ ᠶᠠᠮᠠᠡᠷ ᠢᠯᠭᠠᠭ᠎ᠠ ᠬᠤᠯᠪᠤᠭ᠎ᠠ ᠪᠠᠢ᠌ᠬᠤ᠂ ᠡᠪᠡᠳᠴᠢᠨ ᠡᠮᠨᠡᠯᠭᠡ ᠶᠨ ᠲᠠᠯ᠎ᠠ ᠪᠠᠷ ᠶᠠᠭᠠᠬᠢᠬᠤ ᠳᠤ ᠪᠠᠨ ᠵᠠᠰᠠᠯ ᠰᠠᠢ᠌ᠲᠠᠢ ᠪᠠᠢ᠌ᠳᠠᠭ ᠢ ᠰᠢᠨᠵᠢᠯᠡᠪᠡ᠃ |
原文 |
查看原文
|
出自 |
内蒙古大学学报
2012年
第4期
|