题名 |
ᠮᠣᠩᠭᠤᠯ ᠡᠮ ᠦᠨ ᠮᠠᠲ᠋ᠧᠷᠢᠶᠠᠯ ᠢᠷᠭᠢ ᠶᠢᠨ ᠬᠤᠤᠷᠲᠤ ᠬᠠᠪᠤᠲᠠᠢ ᠢ ᠡᠰᠡᠷᠭᠦᠴᠡᠬᠦ ᠢᠳᠡᠪᠬᠢ ᠪᠦᠷᠢᠯᠳᠦᠭᠦᠨ ᠦ ᠲᠤᠬᠠᠢ ᠰᠤᠳᠤᠯᠭ᠎ᠠ |
作者 |
ᠵᠠᠩ ᠫᠢᠩ; ᠠᠯᠲᠠᠨᠬᠤᠷᠭᠢᠯ; ᠪᠠᠳᠠᠷᠠᠬᠤ; ᠠᠰᠤᠷᠤ; ᠯᠢ ᠲᠤᠯᠭᠠᠭᠤᠷᠢ; ᠪᠤᠤ ᠪᠤᠤ ᠴᠢᠤᠸᠠᠨ |
关键词 |
ᠢᠷᠭᠢ; ᠨᠢᠯᠬ᠎ᠠ ᠳᠠᠯᠠᠢ ᠶᠢᠨ ᠰᠠᠮ ᠬᠤᠷᠤᠬᠠᠢ ᠶᠢ ᠦᠬᠦᠭᠦᠯᠬᠦ ᠲᠤᠷᠰᠢᠯᠲᠠ; ᠬᠤᠤᠷᠲᠤ ᠬᠠᠪᠤᠲᠠᠷ ᠢ ᠡᠰᠡᠷᠭᠦᠴᠡᠬᠦ; ᠬᠢᠮᠢ ᠶᠢᠨ ᠪᠦᠷᠢᠯᠳᠦᠭᠦᠨ |
摘要 |
ᠵᠤᠷᠢᠯᠭ᠎ᠠ᠄ ᠮᠣᠩ᠋ᠭᠤᠯ ᠡᠮ ᠦᠨ ᠮᠠᠲ᠋ᠧᠷᠢᠶᠠᠯ ᠢᠷᠭᠢ (棉团铁线莲,Clematis hexapetala Pall ᠋ ᠶᠢᠨ ᠬᠠᠲᠠᠭᠠᠭᠰᠠᠨ ᠴᠡᠴᠡᠭ ᠨᠠᠪᠴᠢ ᠪᠦᠬᠦᠢ ᠡᠰᠢ)᠋ ᠶᠢᠨ ᠪᠠᠳᠠᠬᠢ ᠶᠢ ᠡᠪᠳᠡᠬᠦ ᠢᠳᠡᠪᠬᠢ ᠴᠢᠨᠠᠷ ᠪᠬᠦᠢ ᠪᠦᠷᠢᠯᠳᠦᠭᠦᠨ ᠢ ᠨᠢ ᠰᠤᠳᠤᠯᠤᠨ᠎ᠠ᠃ ᠠᠷᠭ᠎ᠠ᠄ ᠨᠢᠯᠬ᠎ᠠ ᠳᠠᠯᠠᠢ ᠶᠢᠨ ᠰᠠᠮ ᠬᠤᠷᠤᠬᠠᠢ ᠶᠢ ᠦᠬᠦᠭᠦᠯᠬᠦ ᠲᠤᠷᠰᠢᠯᠲᠠ ᠪᠠᠷ ᠪᠠᠳᠠᠬᠢ ᠶᠢ ᠡᠪᠳᠡᠬᠦ ᠢᠳᠡᠪᠬᠢ ᠴᠢᠨᠠᠷ ᠢ ᠨᠢ ᠮᠦᠷᠳᠡᠨ ᠪᠠᠢ᠌ᠴᠠᠭᠠᠬᠤ ᠵᠠᠭᠪᠤᠷ ᠪᠤᠯᠭᠠᠵᠤ᠂ ᠪᠦᠬᠡᠭᠡᠨᠡᠷᠡᠯ ᠠᠰᠢᠯ ᠠᠮᠢᠨ᠂ ᠴᠠᠬᠢᠭᠤᠷᠲᠤ ᠴᠠᠪᠠᠤ᠂ Sephadex LH-20 ᠪᠠ pre-HPLC ᠵᠡᠷᠭᠡ ᠦᠩᠭᠡ ᠶᠢᠨ ᠵᠢᠭ᠌ᠰᠠᠯ ᠤᠨ ᠠᠷᠭ᠎ᠠ ᠪᠠᠷ ᠰᠠᠯᠭᠠᠨ ᠴᠡᠪᠡᠷᠰᠢᠭᠦᠯᠦᠭᠡᠳ᠂ ᠳᠤᠯᠭᠢᠶᠠᠨ ᠵᠢᠭ᠌ᠰᠠᠯ ᠤᠨ ᠲᠤᠭ᠎ᠠ ᠪᠠᠷᠢᠮᠲᠠ ᠪᠠ ᠬᠢᠮᠢ ᠹᠢᠽᠢᠺ ᠤᠨ ᠰᠢᠨᠵᠢ ᠴᠢᠨᠠᠷ ᠢ ᠨᠢ ᠦᠨᠳᠦᠰᠦᠯᠡᠵᠦ᠂ ᠬᠢᠮᠢ ᠶᠢᠨ ᠨᠢᠭᠡᠳᠪᠦᠷᠢ ᠶᠢᠨ ᠪᠦᠲᠦᠴᠡ ᠶᠢ ᠨᠢ ᠲᠤᠭᠲᠠᠭᠠᠪᠠ᠃ ᠦᠷ᠎ᠡ ᠳ᠋ᠦᠩ᠄ 4 ᠵᠤᠢ᠌ᠯ ᠤᠨ ᠬᠢᠮᠢ ᠶᠢᠨ ᠨᠢᠭᠡᠳᠪᠦᠷᠢ ᠶᠢ ᠰᠠᠯᠭᠠᠨ ᠣᠯᠵᠤ ᠬᠢᠨᠠᠨ ᠲᠤᠭᠲᠠᠭᠠᠯᠲᠠ ᠬᠢᠪᠡ᠃ ᠲᠡᠳᠡᠭᠡᠷ ᠨᠢ ᠲᠤᠰ ᠲᠤᠰ ᠴᠠᠭᠠᠨ ᠭᠠ ᠵᠢᠨ ᠹᠧᠨᠤᠯ -7-O-a-L- ᠶᠠᠰᠢᠯ ᠰᠢᠬᠢᠷ ᠦᠨ ᠭᠯᠢᠺᠤᠰᠢᠳ᠋ (Ⅰ)᠂ ᠴᠠᠭᠠᠨ ᠭᠠ ᠵᠢᠨ ᠭᠯᠢᠺᠤᠰᠢᠳ᠋ (Ⅱ)᠂ 6-O- ᠺᠤᠹ᠌ᠧ ᠶᠢᠨ ᠠᠰᠢᠯᠲᠤ ᠪᠠᠭᠠᠪᠠᠭᠠᠢ ᠵᠢᠮᠢᠰ ᠦᠨ ᠭᠯᠢᠺᠤᠰᠢᠳ᠋ (Ⅲ) ᠪᠠ ᠺᠤᠹᠧ ᠶᠢᠨ ᠬᠦᠴᠢᠯ (Ⅳ) ᠪᠤᠯᠤᠨ᠎ᠠ᠃ ᠳ᠋ᠦᠩᠨᠡᠯᠲᠡ᠄ ᠬᠢᠮᠢ ᠶᠢᠨ ᠨᠢᠭᠡᠳᠪᠦᠷᠢ Ⅰ~Ⅳ ᠪᠤᠯ ᠴᠦᠮ ᠠᠩ᠋ᠬ᠎ᠠ ᠤᠳᠠᠭ᠎ᠠ ᠲᠤᠰ ᠤᠷᠭᠤᠮᠠᠯ ᠠᠴᠠ ᠢᠯᠭᠠᠨ ᠰᠠᠯᠭᠠᠵᠤ ᠣᠯᠤᠭᠰᠠᠨ ᠵᠤᠢ᠌ᠯ ᠪᠤᠯᠤᠨ᠎ᠠ᠃ |
原文 |
查看原文
|
出自 |
内蒙古民族大学学报(蒙医药学)
2011年
第1期
|